ᠶᠢᠷᠲᠢᠨᠴᠦ ᠶᠢᠨ ᠭᠤᠷᠪᠠ – < ᠬᠠ᠊ > ᠶ᠋ᠢᠨ ᠠᠶ᠋ᠢᠮᠠᠭ - 1 Ертөнцийн гурав – < Ха > ин аймаг - 1 ᠶᠢᠷᠲᠢᠨᠴᠦ ᠶ᠋ᠢᠨ ᠭᠤᠷᠪᠠ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠶᠢᠷᠲᠢᠨᠴᠦ ᠶᠢᠨ ᠭᠤᠷᠪᠠ – < ᠬᠠ᠊ > ᠶ᠋ᠢᠨ ᠠᠶ᠋ᠢᠮᠠᠭ - 1 Ертөнцийн гурав – < Ха > ин аймаг - 1

ᠶᠢᠷᠲᠢᠨᠴᠦ ᠶᠢᠨ ᠭᠤᠷᠪᠠ – < ᠬᠠ᠊ > ᠶ᠋ᠢᠨ ᠠᠶ᠋ᠢᠮᠠᠭ - 1 Ертөнцийн гурав – < Ха > ин аймаг - 1

2023-05-24

500

ᠶᠢᠷᠲᠢᠨᠴᠦ ᠶᠢᠨ ᠭᠤᠷᠪᠠ – < ᠬᠠ᠊ > ᠶ᠋ᠢᠨ ᠠᠶ᠋ᠢᠮᠠᠭ - 1


     ᠬᠠ‍  ᠶ᠋ᠢᠨ  ᠠᠶ᠋ᠢᠮᠠᠭ
      
       ᠭᠤᠷᠪᠠᠨ ᠤᠯᠠᠭᠠᠨ
   ᠬᠠᠲᠠ ᠲᠠᠢ ᠭᠠᠵᠠᠷ ᠦ᠋ᠨ ᠦᠨᠡᠭᠡ ᠤᠯᠠᠭᠠᠨ
   ᠬᠠᠶ᠋ᠢᠷ᠎ᠠ ᠲᠠᠢ ᠬᠠᠲᠤᠳ ᠦ᠋ᠨ ᠬᠠᠴᠠᠷ ᠤᠯᠠᠭᠠᠨ
   ᠬᠠᠯᠠ ᠲᠠᠢ ᠨᠣᠶᠠᠳ ᠦ᠋ᠨ ᠨᠢᠲᠦ ᠤᠯᠠᠭᠠᠨ

       ᠶᠢᠷᠲᠢᠨᠴᠦ ᠶ᠋ᠢᠨ ᠭᠤᠷᠪᠠᠨ ᠬᠠᠷ᠎ᠠ
   ᠬᠠᠶ᠋ᠢᠷᠠᠭᠤᠯ ᠲᠣᠭᠤᠭᠠᠨ ᠪ ᠬᠥ ᠨᠢᠭᠡ ᠬᠠᠷ᠎ᠠ
   ᠬᠠᠷᠠᠮᠴᠢ ᠬᠥᠮᠦᠨ ᠪ ᠭᠠᠷ ᠨᠢᠭᠡ ᠬᠠᠷ᠎ᠠ
   ᠬᠠᠷᠢᠶᠠᠯᠴᠢ ᠬᠥᠮᠦᠨ ᠪ ᠰᠠᠨᠠᠬ᠋᠎ᠠ ᠨᠢᠭᠡ ᠬᠠᠷ᠎ᠠ

       ᠭᠤᠷᠪᠠᠨ ᠰᠠᠶ᠋ᠢᠨ
   ᠬᠠᠲᠠᠭᠠᠰᠤ ᠰᠢᠬᠠᠬᠤ ‍ᠳᠤ ᠯᠠᠩᠲᠤᠤ ᠨᠢᠭᠡ ᠰᠠᠶ᠋ᠢᠨ
   ᠬᠡᠦᠬᠡᠳ ᠬᠠᠭᠤᠷᠬᠤ ‍ᠳᠤ ᠰᠢᠬᠢᠷ ᠨᠢᠭᠡ ᠰᠠᠶ᠋ᠢᠨ
   ᠬᠠᠭᠲᠠ ᠬᠥᠬᠡᠷᠡᠬᠦ ‍ᠳᠤ ᠬᠠᠪᠤᠷ ᠨᠢᠭᠡ ᠰᠠᠶ᠋ᠢᠨ

       ᠭᠤᠷᠪᠠᠨ ᠰᠤᠯᠠ
   ᠬᠠᠵᠠᠭᠠᠷ ᠦᠭᠡᠢ ᠮᠣᠷᠢ ᠨᠢᠭᠡ ᠰᠤᠯᠠ
   ᠬᠠᠲᠠᠮ ᠦᠭᠡᠢ ᠪᠡᠷᠢ ᠨᠢᠭᠡ ᠰᠤᠯᠠ
   ᠬᠠᠷᠠᠭᠤᠯ ᠦᠭᠡᠢ ᠬᠦᠷᠢᠶ᠎ᠡ ᠨᠢᠭᠡ ᠰᠤᠯᠠ

       ᠭᠤᠷᠪᠠᠨ ᠬᠥᠩᠭᠡᠨ
   ᠬᠠᠭᠤᠷᠠᠢ ᠮᠤᠲᠤᠨ ᠪ ᠵᠢᠩ ᠨᠢ ᠬᠥᠩᠭᠡᠨ
   ᠬᠠᠭᠤᠷᠮᠠᠴᠢ ᠬᠥᠮᠦᠨ ᠪ ᠵᠠᠩ ᠨᠢ ᠬᠥᠩᠭᠡᠨ
   ᠬᠤᠲᠠᠯᠴᠢ ᠬᠥᠮᠦᠨ ᠪ ᠦᠭᠡ ᠨᠢ ᠬᠥᠩᠭᠡᠨ

       ᠭᠤᠷᠪᠠᠨ ᠬᠡᠷᠡᠭᠲᠡᠢ
   ᠬᠠᠨᠢᠯᠠᠵᠤ ᠨᠠᠶ᠋ᠢᠵᠠᠯᠠᠬᠤ ‍ᠳᠤ ᠬᠠᠶ᠋ᠢᠷ᠎ᠠ ᠰᠡᠤᠠᠬᠢᠯ ᠬᠡᠷᠡᠭᠲᠡᠢ
   ᠬᠠᠷᠢ ᠶ᠋ᠢ ᠴᠣᠬᠢᠬᠤ  ‍ᠳᠤ ᠬᠠᠶ᠋ᠢᠭᠤᠯ ᠲᠤᠷᠰᠢᠭᠤᠯ ᠬᠡᠷᠡᠭᠲᠡᠢ
   ᠬᠠᠯᠠᠭᠤᠯᠵᠤ ᠬᠠᠶ᠋ᠢᠯᠠᠭᠤᠯᠬᠤ  ‍ᠳᠤ ᠬᠠᠯᠠᠭᠤᠨ ᠭᠠᠯ ᠬᠡᠷᠡᠭᠲᠡᠢ

       ᠭᠤᠷᠪᠠᠨ ᠰᠠᠶ᠋ᠢᠬᠠᠨ
   ᠬᠠᠬᠢᠷ ᠡᠪᠦᠯ ᠦ᠋ᠨ ᠴᠠᠰᠤ ᠨᠢᠭᠡ ᠰᠠᠶ᠋ᠢᠬᠠᠨ
   ᠬᠠᠪᠤᠷ ᠴᠠᠭ ᠦ᠋ᠨ ᠬᠠᠭᠲᠠ ᠨᠢᠭᠡ ᠰᠠᠶ᠋ᠢᠬᠠᠨ
   ᠬᠠᠯᠠᠭᠤᠨ ᠵᠤᠨ ᠪ ᠴᠡᠴᠡᠭ ᠨᠢᠭᠡ ᠰᠠᠶ᠋ᠢᠬᠠᠨ

       ᠭᠤᠷᠪᠠᠨ ᠵᠢᠭᠡ
   ᠬᠠᠭᠤᠷᠬᠤ ᠨᠢ ᠬᠤᠲᠠᠯᠴᠢ ᠶ᠋ᠢᠨ ᠵᠢᠭᠡ
   ᠬᠢᠮᠤᠰᠤᠯᠠᠬᠤ ᠨᠢ ᠬᠤᠯᠠᠭᠠᠶ᠋ᠢᠴᠢ ᠶ᠋ᠢᠨ ᠵᠢᠭᠡ
   ᠬᠣᠷᠣᠰᠬᠤ ᠨᠢ ᠬᠡᠷᠡᠭᠦᠯᠴᠢ ᠶ᠋ᠢᠨ ᠵᠢᠭᠡ

       ᠭᠤᠷᠪᠠᠨ ᠰᠠᠶ᠋ᠢᠬᠠᠨ
   ᠬᠠᠷᠢᠵᠤ ᠦᠵᠡᠬᠦ  ‍ᠳᠤ ᠭᠡᠷ ᠮᠢᠨᠢ ᠨᠢᠭᠡ ᠰᠠᠶ᠋ᠢᠬᠠᠨ 
   ᠬᠠᠶ᠋ᠢᠷᠠᠯᠠᠵᠤ ᠰᠠᠨᠠᠬᠤ  ‍ᠳᠤ ᠡᠵᠢ ᠮᠢᠨᠢ ᠨᠢᠭᠡ ᠰᠠᠶ᠋ᠢᠬᠠᠨ
   ᠬᠠᠨᠢᠯᠠᠵᠤ ᠰᠠᠭᠤᠬᠤ ‍ᠳᠤ ᠡᠬᠡᠨᠡᠷ ᠮᠢᠨᠢ ᠨᠢᠭᠡ ᠰᠠᠶ᠋ᠢᠬᠠᠨ

       ᠭᠤᠷᠪᠠᠨ ᠴᠢᠮᠡᠭ
   ᠬᠠᠨ ᠨᠠᠷᠠᠨ ᠤᠭᠲᠠᠷᠭᠤᠢ ᠳ᠋ᠠᠭᠠᠨ ᠴᠢᠮᠡᠭ 
   ᠬᠠᠳᠠ ᠴᠢᠯᠠᠭᠤ ᠠᠭᠤᠯᠠᠨ ᠳ᠋ᠠᠭᠠᠨ ᠴᠢᠮᠡᠭ
   ᠬᠠᠲᠤᠨ ᠡᠬᠡᠨᠡᠷ ᠭᠡᠷ ᠎ᠲᠡᠭᠡᠨ ᠴᠢᠮᠡᠭ
        
       ᠭᠤᠷᠪᠠᠨ ᠦᠭᠡᠢ
   ᠬᠠᠭᠤᠴᠢ ᠦᠭᠡᠨ ‍ᠳᠤ ᠬᠤᠳᠠᠯ ᠦᠭᠡᠢ
   ᠬᠤᠪᠠᠬᠠᠢ ᠮᠣᠳᠣᠨ ‍ᠳᠤ ᠨᠠᠪᠴᠢ ᠦᠭᠡᠢ
   ᠬᠤᠳᠳᠤᠭ ‍ᠤᠨ ᠤᠰᠤᠨ ‍ᠳᠤ ᠵᠢᠭᠠᠰᠤ ᠦᠭᠡᠢ

        ᠭᠤᠷᠪᠠᠨ ᠪᠣᠭ
   ᠬᠠᠲᠠᠭᠰᠠᠨ ᠬᠣᠪᠣᠭᠣ ᠬᠤᠳᠳᠤᠭ ᠎ᠲᠠᠭᠠᠨ ᠪᠣᠭ
   ᠬᠠᠳᠠᠮ ᠡᠬᠡ ᠪᠡᠷᠢ ᠳ᠋ᠡᠭᠡᠨ ᠪᠣᠭ
   ᠬᠠᠪᠠ ᠪᠠᠭᠠᠯ ᠬᠣᠲᠠᠨ ᠳ᠋ᠠᠭᠠᠨ ᠪᠣᠭ
    
         ᠭᠤᠷᠪᠠᠨ ᠵᠣᠵᠢᠬ
   ᠬᠠᠳᠠᠨ ‍ᠳᠤ ᠤᠷᠭᠤᠭᠰᠠᠨ ᠪᠤᠳᠠ ᠨᠢᠭᠡ ᠵᠣᠵᠢᠬ
   ᠬᠠᠪᠠ ᠨᠣᠬᠠᠢ ᠡᠭᠦᠳᠡᠨ ‍ᠳᠦ ᠨᠢᠭᠡ ᠵᠣᠵᠢᠬ
   ᠬᠠᠷᠠᠮᠴᠢ ᠡᠮᠡᠰ ᠬᠠᠨᠵᠤᠨ ‍ᠳᠤ ᠨᠢᠭᠡ ᠵᠣᠵᠢᠬ
 
        ᠭᠤᠷᠪᠠᠨ ᠭᠡᠭᠡᠬᠡᠨ
   ᠬᠠᠪ ᠬᠠᠷᠠᠩᠭᠤᠢ ᠪᠣᠯᠪᠠᠴᠤ ᠭᠠᠯ ᠪᠠᠷᠢᠪᠠᠰᠤ ᠭᠡᠭᠡᠬᠡᠨ
   ᠬᠠᠯᠳᠠᠵᠤ ᠲᠡᠮᠡᠴᠡᠬᠦ ‍ᠶ᠋ᠢ ᠵᠢᠭᠰᠢᠪᠡᠰᠦ ᠭᠡᠭᠡᠬᠡᠨ
   ᠬᠠᠷ᠎ᠠ ᠬᠠᠭᠠᠨ ᠦᠢᠯᠡ ‍ᠶ᠋ᠢ ᠲᠠᠨᠢᠪᠠᠰᠤ ᠭᠡᠭᠡᠬᠡᠨ

         ᠭᠤᠷᠪᠠᠨ ᠶᠠᠩᠰᠢᠶ᠎ᠠ 
   ᠬᠠᠰᠠᠭ ᠲᠡᠷᠭᠡ ᠵᠠᠮ ‍ᠤᠨ ᠶᠠᠩᠰᠢᠶ᠎ᠠ
   ᠬᠠᠷ᠎ᠠ ᠨᠣᠬᠠᠢ ᠬᠣᠲᠠ ‍ᠶ᠋ᠢᠨ ᠶᠠᠩᠰᠢᠶ᠎ᠠ
   ᠬᠠᠷᠠᠮᠴᠢ ᠡᠬᠡᠨᠡᠷ ᠭᠡᠷ ‍ᠦᠨ ᠶᠠᠩᠰᠢᠶ᠎ᠠ
         
        ᠭᠤᠷᠪᠠᠨ ᠭᠠᠳᠠᠨ᠎ᠠ
   ᠬᠠᠷᠢ ‍ᠳᠤ ᠣᠴᠢᠳᠠᠭ ‍ᠢᠶ᠋ᠠᠷ ᠶ᠋ᠢᠠᠨ ᠬᠡᠦᠬᠡᠨ ᠭᠠᠳᠠᠨ᠎ᠠ
   ᠬᠠᠯᠠ ᠦᠵᠡᠳᠡᠭ ‍ᠢᠶ᠋ᠡᠷ ‍ᠢᠶ᠋ᠡᠨ ᠭᠠᠷ ᠭᠠᠳᠠᠨ᠎ᠠ
   ᠬᠠᠷ᠎ᠠ ᠨᠢᠳᠦᠨ ᠎ᠡᠴᠡ ᠬᠥᠮᠦᠰᠭᠡ ᠭᠠᠳᠠᠨ᠎ᠠ
 
       ᠭᠤᠷᠪᠠᠨ ᠶᠠᠩᠰᠢᠶ᠎ᠠ
   ᠬᠠᠪᠠ ᠪᠠᠭᠠᠯ ᠬᠣᠲᠠ ᠳ᠋ᠠᠭᠠᠨ ᠶᠠᠩᠰᠢᠶ᠎ᠠ
   ᠬᠠᠲᠠᠭᠰᠠᠨ ᠮᠡᠯᠡᠬᠡᠢ ᠨᠠᠭᠤᠷ ᠎ᠲᠠᠭᠠᠨ ᠶᠠᠩᠰᠢᠶ᠎ᠠ
   ᠬᠠᠳᠠᠮ ᠡᠬᠡ ᠪᠡᠷᠢ ᠳ᠋ᠡᠭᠡᠨ ᠶᠠᠩᠰᠢᠶ᠎ᠠ
 
         ᠭᠤᠷᠪᠠᠨ ᠶᠡᠬᠡ
   ᠬᠠᠮᠠᠷ ᠶᠡᠬᠡᠲᠦ ‍ᠶ᠋ᠢᠨ ᠨᠠᠰᠤ ᠨᠢᠭᠡ ᠶᠡᠬᠡ 
   ᠬᠠᠨᠴᠤᠢ ᠶᠡᠬᠡᠲᠦ ‍ᠶ᠋ᠢᠨ ᠨᠢᠳᠤᠷᠭ᠎ᠠ ᠨᠢᠭᠡ ᠶᠡᠬᠡ
   ᠬᠠᠷᠠᠮᠴᠢ ᠶᠡᠬᠡᠲᠦ ‍ᠶ᠋ᠢᠨ ᠠᠰᠢᠬ ᠨᠢᠭᠡ ᠶᠡᠬᠡ

       ᠭᠤᠷᠪᠠᠨ  ᠢᠯᠭᠠᠪᠤᠷᠢᠲᠠᠢ
   ᠬᠠᠷ᠎ᠠ ᠴᠠᠭᠠᠨ ᠦᠩᠭᠡᠨ ‍ᠦ ᠢᠯᠭᠠᠪᠤᠷᠢᠲᠠᠢ
   ᠬᠠᠲᠠᠭᠤ ᠵᠥᠭᠡᠯᠡᠨ ᠴᠢᠨᠠᠷ ‍ᠤᠨ ᠢᠯᠭᠠᠪᠤᠷᠢᠲᠠᠢ
   ᠬᠠᠯᠠᠭᠤᠨ ᠬᠦᠢᠲᠡᠨ ᠬᠡᠮᠵᠢᠶ᠎ᠡ ‍ᠶ᠋ᠢᠨ ᠢᠯᠭᠠᠪᠤᠷᠢᠲᠠᠢ

        ᠭᠤᠷᠪᠠᠨ ᠤᠳᠠᠭᠠᠨ
   ᠬᠠᠶ᠋ᠢᠬᠤ ‍ᠳᠤ ᠮᠥᠷ ᠨᠢᠭᠡ ᠤᠳᠠᠭᠠᠨ
   ᠬᠠᠷᠠᠬᠤ ‍ᠳᠤ ᠴᠠᠭ ᠨᠢᠭᠡ ᠤᠳᠠᠭᠠᠨ
   ᠬᠠᠯᠠᠭᠠᠬᠤ ‍ᠳᠤ ᠭᠠᠯ ᠨᠢᠭᠡ ᠤᠳᠠᠭᠠᠨ
    
        ᠭᠤᠷᠪᠠᠨ ᠬᠣᠯᠠ
   ᠬᠠᠱᠠᠩ ᠮᠣᠷᠢᠨ ‍ᠳᠤ ᠭᠠᠵᠠᠷ ᠬᠣᠯᠠ
   ᠬᠠᠷᠠᠮᠴᠢ ᠬᠥᠮᠦᠨ ‍ᠳᠦ ᠨᠦᠬᠦᠷ ᠬᠣᠯᠠ
   ᠬᠠᠷ᠎ᠠ ᠦᠩᠭᠡᠨ ‍ᠳᠦ ᠴᠠᠭᠠᠨ ᠬᠣᠯᠠ

        ᠭᠤᠷᠪᠠᠨ ᠣᠯᠳᠠᠬᠤ ᠦᠭᠡᠢ
   ᠬᠠᠲᠤᠨ ᠠ᠋ᠴᠠ ᠬᠠᠯᠢᠵᠤ ᠦᠬᠦᠭᠰᠡᠨ  ᠱᠠᠭᠠᠵᠠᠭᠠᠢ ‍ᠶ᠋ᠢᠨ ᠮᠢᠬ᠎ᠠ ᠣᠯᠳᠠᠬᠤ ᠦᠭᠡᠢ
   ᠮᠣᠳᠣᠨ ᠠ᠋ᠴᠠ ᠤᠨᠠᠵᠤ ᠦᠬᠦᠭᠰᠡᠨ ᠰᠢᠷᠭᠤᠯᠵᠢ ‍ᠶ᠋ᠢᠨ ᠮᠢᠬ᠎ᠠ ᠣᠯᠳᠠᠬᠤ ᠦᠭᠡᠢ
   ᠬᠡᠶ᠋ᠢᠳ ᠲᠤ ᠰᠠᠭᠤᠭᠠᠳ ᠲᠤᠷᠠᠵᠤ ᠦᠬᠦᠭᠰᠡᠨ ᠬᠡᠯᠦᠩ ‍ᠦᠨ ᠮᠢᠬ᠎ᠠ ᠣᠯᠳᠠᠬᠤ ᠦᠭᠡᠢ

        ᠭᠤᠷᠪᠠᠨ ᠳᠤᠷᠠᠲᠠᠢ
   ᠬᠠᠷ᠎ᠠ ᠠᠭᠤᠯᠠᠨ ‍ᠳᠤ ᠪᠠᠷᠰ ᠨᠢᠭᠡ ᠳᠤᠷᠠᠲᠠᠢ
   ᠬᠠᠷ᠎ᠠ ᠰᠥᠨᠢ ‍ᠳᠦ  ᠴᠢᠨᠣ᠎ᠠ ᠨᠢᠭᠡ ᠳᠤᠷᠠᠲᠠᠢ
   ᠬᠠᠷ᠎ᠠ ᠶᠠᠪᠤᠳᠠᠯ ‍ᠳᠤ ᠶᠠᠷᠭᠠᠴᠢᠨ ᠨᠢᠭᠡ ᠳᠤᠷᠠᠲᠠᠢ

        ᠭᠤᠷᠪᠠᠨ ᠳᠡᠭᠡᠷ᠎ᠡ
   ᠬᠠᠷ᠎ᠠ ᠬᠡᠷᠢᠶ᠎ᠡ ᠤᠯᠠᠢ ᠳᠡᠭᠡᠷ᠎ᠡ
   ᠬᠠᠲᠤᠳ ᠦᠬᠢᠳ ᠡᠳ᠋ ᠳᠡᠭᠡᠷ᠎ᠡ
   ᠬᠠᠭᠠᠳ ᠨᠣᠶᠠᠳ ᠬᠠᠬᠤᠤᠯᠢ ᠳᠡᠭᠡᠷ᠎ᠡ

       ᠭᠤᠷᠪᠠᠨ ᠵᠠᠶ᠋ᠢᠯᠠᠬᠤ
   ᠬᠠᠲᠠᠭᠰᠠᠨ ᠲᠣᠭᠣᠷᠢᠮ ᠠ᠋ᠴᠠ ᠭᠠᠯᠠᠭᠤ ᠪᠦᠬᠦᠨ ᠵᠠᠶ᠋ᠢᠯᠠᠬᠤ
   ᠬᠠᠲᠠᠭᠤ ᠬᠠᠷᠬᠢᠰ ᠠ᠋ᠴᠠ ᠬᠦᠮᠦᠨ ᠪᠦᠬᠦᠨ ᠵᠠᠶ᠋ᠢᠯᠠᠬᠤ
   ᠬᠠᠷᠠᠮᠴᠢ ᠠᠮᠢᠲᠠᠨ ᠠ᠋ᠴᠠ ᠨᠥᠬᠥᠷ ᠪᠣᠯᠭᠠᠨ ᠵᠠᠶ᠋ᠢᠯᠠᠬᠤ
        
        ᠭᠤᠷᠪᠠᠨ ᠰᠠᠶ᠋ᠢᠬᠠᠨ
   ᠬᠠᠷᠠᠩᠭᠤᠢ ᠰᠥᠨᠢ ‍ᠳᠤ ᠵᠤᠯᠠ ᠨᠢᠭᠡ ᠰᠠᠶ᠋ᠢᠬᠠᠨ
   ᠬᠠᠩᠭᠠᠢ ᠵᠠᠮ ‍ᠳᠤ ᠮᠣᠷᠢ ᠨᠢᠭᠡ ᠰᠠᠶ᠋ᠢᠬᠠᠨ
   ᠬᠠᠮᠤᠭ ᠶᠠᠪᠤᠲᠠᠯ ‍ᠳᠤ ᠨᠥᠬᠥᠷ ᠨᠢᠭᠡ ᠰᠠᠶ᠋ᠢᠬᠠᠨ
       
        ᠭᠤᠷᠪᠠᠨ ᠳᠡᠭᠡᠷ᠎ᠡ
   ᠬᠠᠷ᠎ᠠ ᠬᠡᠷᠢᠶ᠎ᠡ ᠤᠯᠠᠢ ᠳᠡᠭᠡᠷ᠎ᠡ
   ᠬᠠᠭᠠᠳ ᠨᠣᠶᠠᠳ ᠬᠠᠬᠤᠤᠯᠢ ᠳᠡᠭᠡᠷ᠎ᠡ
   ᠬᠠᠷᠠᠴᠤ ᠠᠷᠠᠳ ᠠᠵᠢᠯ ᠳᠡᠭᠡᠷ᠎ᠡ
       
        ᠭᠤᠷᠪᠠᠨ ᠳᠤᠷᠠᠲᠠᠢ
   ᠬᠠᠭᠠᠳ ᠨᠣᠶᠠᠳ ᠵᠢᠩᠰᠡ ‍ᠳᠤ ᠳᠤᠷᠠᠲᠠᠢ
   ᠬᠠᠷ᠎ᠠ ᠬᠡᠷᠢᠶ᠎ᠡ ᠮᠢᠬᠠᠨ ‍ᠳᠤ ᠳᠤᠷᠠᠲᠠᠢ
   ᠬᠠᠲᠤᠳ ᠥᠬᠢᠳ ᠡᠷ᠎ᠡ ‍ᠳᠤ ᠳᠤᠷᠠᠲᠠᠢ

       ᠶᠢᠷᠲᠢᠨᠴᠦ ᠶ᠋ᠢᠨ ᠭᠤᠷᠪᠠᠨ ᠨᠢᠭᠡ
   ᠬᠠᠮᠢᠭᠠᠰᠢ ᠪᠠᠨ ᠪᠣᠯᠪᠠᠴᠤ ᠬᠠᠩᠰᠢ ᠨᠢ ᠨᠢᠭᠡ
   ᠬᠠᠮᠠᠷ ᠠᠮᠠ ᠶ᠋ᠢᠨ ᠠᠮᠢᠰᠬᠤᠬ᠋᠎ᠠ ᠨᠢ ᠨᠢᠭᠡ
   ᠬᠠᠭᠠᠨ ᠲᠦᠰᠢᠮᠡᠯ ᠦ᠋ᠨ ᠦᠭᠡ ᠨᠢ ᠨᠢᠭᠡ

        ᠭᠤᠷᠪᠠᠨ ᠦᠭᠡᠢ
   ᠬᠠᠲᠠ  ᠴᠢᠯᠠᠭᠤᠨ ᠳ᠋ᠤᠷ ᠠᠷᠠᠰᠤᠨ ᠦᠭᠡᠢ
   ᠬᠠᠲᠠ ᠲᠡᠮᠦᠷ ᠲᠣᠷ ᠳᠣᠷᠣᠰᠤᠨ ᠦᠭᠡᠢ
   ᠬᠠᠶ᠋ᠢᠷᠠᠬᠠᠨ ᠪᠡᠶ᠎ᠡ ᠮᠥᠩᠬᠡ ᠦᠭᠡᠢ

       ᠭᠤᠷᠪᠠᠨ ᠠᠶᠤᠯ
   ᠬᠠᠭᠠᠨ ᠪ ᠬᠠᠵᠠᠭᠠᠢ ᠨᠢ ᠬᠠᠷᠠᠴᠤ ‍ᠳᠤ ᠠᠶᠤᠯ
   ᠡᠵᠡᠨ ᠪ ᠡᠨᠲᠡᠭᠦᠦ ᠨᠢ ᠠᠷᠠᠳ ᠲᠤ ᠠᠶᠤᠯ
   ᠤᠯᠤᠰ ᠦ᠋ᠨ ᠬᠢᠮᠤᠷᠠᠯ ᠨᠢ ᠣᠯᠠᠨ ‍ᠳᠤ ᠠᠶᠤᠯ

        ᠭᠤᠷᠪᠠᠨ ᠦᠭᠡᠢ
   ᠬᠠᠶ᠋ᠢᠪᠠᠰᠤ ᠮᠥᠷ ᠨᠢᠭᠡ ᠦᠭᠡᠢ
   ᠬᠠᠷᠠᠪᠠᠴᠤ ᠪᠠᠷᠠᠬ᠋᠎ᠠ ᠨᠢᠭᠡ ᠦᠭᠡᠢ
   ᠬᠠᠶ᠋ᠢᠯᠪᠠᠰᠤ ᠴᠢᠮᠡᠭᠡ ᠨᠢᠭᠡ ᠦᠭᠡᠢ

        ᠭᠤᠷᠪᠠᠨ ᠠᠲᠠ
   ᠬᠠᠷᠠᠮ ᠰᠡᠤᠠᠬᠢᠯ ᠬᠠᠮᠲᠤ ‍ᠳᠤ ᠠᠲᠠ
   ᠬᠠᠲᠠᠭᠤ ᠰᠡᠤᠠᠬᠢᠯ ᠪᠤᠰᠤᠳ ᠲᠤ ᠠᠲᠠ
   ᠬᠠᠷ᠎ᠠ ᠰᠡᠤᠠᠬᠢᠯ ᠪᠡᠶ᠎ᠡ  ‍ᠳᠤ ᠠᠲᠠ

        ᠭᠤᠷᠪᠠᠨ ᠳᠦᠰᠢᠭ
   ᠬᠠᠮᠠᠷ ᠠᠮᠠ ᠳ᠋ᠠᠭᠠᠨ ᠳᠦᠰᠢᠭ
   ᠬᠠ ᠭᠤᠶ᠎ᠠ ᠳ᠋ᠠᠭᠠᠨ ᠳᠦᠰᠢᠭ
   ᠬᠠᠲᠤᠨ ᠡᠷ᠎ᠡ ᠳ᠋ᠡᠭᠡᠨ ᠳᠦᠰᠢᠭ

        ᠭᠤᠷᠪᠠᠨ ᠠᠮᠠᠷᠬᠠᠨ
   ᠬᠠᠭᠤᠷᠮᠠᠴᠢ ᠰᠡᠤᠠᠬᠢᠯ ᠦ᠋ᠨ ᠬᠤᠪᠢᠷᠠᠬᠤ ᠨᠢ ᠠᠮᠠᠷᠬᠠᠨ
   ᠬᠠᠭᠤᠷᠠᠢ ᠮᠣᠲᠣᠨ ᠪ ᠬᠤᠭᠤᠷᠠᠬᠤ ᠨᠢ ᠠᠮᠠᠷᠬᠠᠨ
   ᠬᠤᠲᠠᠯᠴᠢ ᠬᠦᠮᠦᠨ ᠪ ᠬᠡᠯᠡᠬᠦ ᠨᠢ ᠠᠮᠠᠷᠬᠠᠨ

        ᠭᠤᠷᠪᠠᠨ ᠭᠠᠷᠲᠠᠭ
   ᠬᠠᠷᠤᠭᠤᠯᠲᠠᠬᠤ ᠮᠣᠲᠣᠨ ᠠ᠋ᠴᠠ ᠬᠠᠯᠢᠰᠤ ᠨᠢᠭᠡ ᠭᠠᠷᠲᠠᠭ
   ᠬᠠᠷ᠎ᠠ ᠬᠥᠮᠦᠨ ᠠ᠋ᠴᠠ ᠭᠡᠷᠡᠯ ᠨᠢᠭᠡ ᠭᠠᠷᠲᠠᠭ
   ᠬᠠᠪᠴᠢᠯ ᠳᠠᠷᠤᠯᠠᠯ ᠠ᠋ᠴᠠ ᠲᠡᠮᠡᠴᠡᠯ ᠨᠢᠭᠡ ᠭᠠᠷᠲᠠᠭ

        ᠭᠤᠷᠪᠠᠨ ᠳᠠᠷᠤᠳᠠᠭ
   ᠬᠠᠨ ᠠᠭᠤᠯᠠᠨ ᠶ᠋ᠢ ᠴᠠᠰᠤ ᠨᠢᠭᠡ ᠳᠠᠷᠤᠳᠠᠭ
   ᠬᠠᠶ᠋ᠢᠷᠠᠬᠠᠨ ᠪᠡᠶ᠎ᠡ ᠶ᠋ᠢ ᠨᠠᠰᠤ ᠨᠢᠭᠡ ᠳᠠᠷᠤᠳᠠᠭ
   ᠬᠠᠷ᠎ᠠ ᠰᠠᠨᠠᠭᠠᠲᠠᠨ ᠊ᠢ ᠬᠠᠤᠯᠢ ᠨᠢᠭᠡ ᠳᠠᠷᠤᠳᠠᠭ


        ᠭᠤᠷᠪᠠᠨ ᠣᠯᠠᠨ
   ᠬᠠᠭᠤᠷᠮᠠᠴᠢ ᠬᠦᠮᠦᠨ ᠪ ᠤᠬᠠᠭᠠᠨ ᠨᠢ ᠣᠯᠠᠨ
   ᠬᠠᠭᠤᠮᠠᠭᠠᠢ ᠬᠦᠮᠦᠨ ᠪ ᠵᠠᠩ ᠨᠢ ᠣᠯᠠᠨ
   ᠬᠤᠲᠠᠯᠴᠢ ᠬᠦᠮᠦᠨ ᠪ ᠦᠨᠡᠨ ᠨᠢ ᠣᠯᠠᠨ

       ᠭᠤᠷᠪᠠᠨ ᠣᠯᠠᠨ   
   ᠬᠠᠶ᠋ᠢᠷᠠᠯᠠᠨ ᠲᠡᠤᠠᠬᠦᠬᠦ ᠰᠠᠨᠠᠭᠠᠲᠠᠨ ᠳ᠋ᠤᠷ ᠨᠥᠬᠥᠷ ᠣᠯᠠᠨ
   ᠬᠠᠷᠬᠢᠰ ᠮᠠᠭᠤ ᠰᠠᠨᠠᠭᠠᠲᠠᠨ ᠳ᠋ᠤᠷ ᠥᠰᠢᠶᠡᠲᠡᠨ ᠣᠯᠠᠨ   
   ᠬᠠᠨᠤᠨ ᠴᠠᠲᠤᠭᠴᠢ ᠰᠡᠤᠠᠬᠢᠯᠲᠡᠨ ᠳ᠋ᠤᠷ ᠠᠰᠢᠬ ᠣᠯᠠᠨ 

       ᠭᠤᠷᠪᠠᠨ ᠳᠡᠭᠡᠷ᠎ᠡ
   ᠬᠠᠯᠠ ᠲᠠᠢ ᠴᠦ᠍ ᠪᠣᠯ ᠬᠠᠲᠠᠮ ᠡᠬᠡ ᠲᠡᠢ ᠨᠢ ᠳᠡᠭᠡᠷ᠎ᠡ
   ᠬᠠᠯᠠᠭᠤᠨ ᠴᠦ᠍ ᠪᠣᠯ ᠭᠠᠯ ᠲᠤᠯᠬ᠋᠎ᠠ ᠲᠠᠢ ᠨᠢ ᠳᠡᠭᠡᠷ᠎ᠡ
   ᠬᠠᠷᠢᠶᠠᠯ ᠲᠠᠢ ᠴᠦ᠍ ᠪᠣᠯ ᠡᠷ᠎ᠡ ᠨᠥᠬᠥᠷ ᠲᠡᠢ ᠨᠢ ᠳᠡᠭᠡᠷ᠎ᠡ

       ᠭᠤᠷᠪᠠᠨ ᠬᠡᠷᠡᠭᠲᠡᠢ
   ᠬᠠᠭᠤᠷᠮᠠᠭ ᠵᠣᠯᠪᠢᠩ ᠬᠥᠮᠦᠨ ‍ᠳᠤ ᠴᠢᠩᠬ᠋᠎ᠠ ᠰᠢᠭᠦᠮᠵᠢᠯᠡᠯ ᠬᠡᠷᠡᠭᠲᠡᠢ
   ᠬᠤᠷᠴᠠ ᠴᠠᠭᠠᠨ ᠴᠠᠭᠠᠰᠤᠨ ‍ᠳᠤ ᠪᠡᠬᠡ ᠦᠵᠦᠭ ᠬᠡᠷᠡᠭᠲᠡᠢ
   ᠬᠤᠲᠠᠯᠴᠢ ᠬᠤᠯᠠᠭᠠᠶ᠋ᠢᠴᠢ ᠠᠮᠢᠲᠠᠨ ‍ᠳᠤ ᠬᠠᠤᠯᠢ ᠶᠣᠰᠣ ᠬᠡᠷᠡᠭᠲᠡᠢ

       ᠭᠤᠷᠪᠠᠨ ᠬᠦᠨᠲᠦ
   ᠬᠠᠶᠠᠭᠰᠠᠨ ᠴᠢᠯᠠᠭᠤ ᠭᠠᠵᠠᠷ ᠲᠠᠭᠠᠨ ᠬᠦᠨᠲᠦ
   ᠬᠠᠷᠢ ‍ᠳᠤ ᠥᠭᠭᠦᠭᠰᠡᠨ ᠬᠡᠦᠬᠡᠨ ᠬᠠᠲᠠᠮ ᠳ᠋ᠠᠭᠠᠨ ᠬᠦᠨᠲᠦ
   ᠬᠠᠰᠠᠭ ᠲᠡᠷᠭᠡ ᠵᠠᠮ ᠳ᠋ᠠᠭᠠᠨ ᠬᠦᠨᠲᠦ
      
       ᠭᠤᠷᠪᠠᠨ ᠰᠢᠷᠦᠭᠦᠨ
   ᠬᠠᠭᠠᠨ ᠪ ᠲᠣᠭᠲᠠᠭᠠᠭᠰᠠᠨ ᠬᠠᠤᠯᠢ ᠨᠢᠭᠡ ᠰᠢᠷᠦᠭᠦᠨ
   ᠬᠠᠲᠠᠨ ᠠ᠋ᠴᠠ ᠪᠠᠭᠤᠭᠰᠠᠨ ᠤᠰᠤ ᠨᠢᠭᠡ ᠰᠢᠷᠦᠭᠦᠨ
   ᠬᠠᠮᠬᠤᠤᠯ ᠠ᠋ᠴᠠ ᠨᠣᠴᠣᠭᠰᠠᠨ ᠭᠠᠯ ᠨᠢᠭᠡ ᠰᠢᠷᠦᠭᠦᠨ

       ᠭᠤᠷᠪᠠᠨ ᠪᠠᠷᠲᠠᠮ
   ᠬᠠᠲᠠ ᠰᠠᠶ᠋ᠢᠲᠤ ᠦᠨᠡᠭᠡ ᠨᠢᠭᠡ ᠪᠠᠷᠲᠠᠮ
   ᠬᠠᠲᠠᠮ ᠰᠠᠶ᠋ᠢᠲᠤ ᠬᠦᠷᠭᠡᠨ ᠨᠢᠭᠡ ᠪᠠᠷᠲᠠᠮ
   ᠬᠠᠨ ᠰᠠᠶ᠋ᠢᠲᠤ ᠠᠯᠪᠠᠲᠤ ᠨᠢᠭᠡ ᠪᠠᠷᠲᠠᠮ

       ᠭᠤᠷᠪᠠᠨ ᠬᠤᠷᠲᠤᠨ
   ᠬᠠᠷᠪᠤᠭᠰᠠᠨ ᠰᠤᠮᠤ ᠨᠢᠭᠡ ᠬᠤᠷᠲᠤᠨ
   ᠬᠠᠷᠠᠭᠰᠠᠨ ᠨᠢᠲᠦ ᠨᠢᠭᠡ ᠬᠤᠷᠲᠤᠨ
   ᠬᠠᠷᠢᠶᠠᠭᠰᠠᠨ ᠰᠠᠨᠠᠬ᠋᠎ᠠ ᠨᠢᠭᠡ ᠬᠤᠷᠲᠤᠨ

       ᠭᠤᠷᠪᠠᠨ ᠰᠠᠶ᠋ᠢᠬᠠᠨ
   ᠬᠣᠶᠠᠷ ᠳᠠᠯᠠᠪᠴᠢ ᠨᠢᠰᠬᠦ  ‍ᠳᠤ ᠰᠠᠶ᠋ᠢᠬᠠᠨ
   ᠬᠣᠯᠠ ᠵᠠᠮ ‍ᠳᠤ ᠮᠣᠷᠢ ᠰᠠᠶ᠋ᠢᠬᠠᠨ
   ᠬᠣᠲᠠᠯᠠ ᠣᠯᠠᠨ ‍ᠳᠤ ᠪᠦᠯᠬᠦᠮᠲᠡᠯ ᠰᠠᠶ᠋ᠢᠬᠠᠨ

       ᠭᠤᠷᠪᠠᠨ ᠣᠮᠣᠷᠬᠠᠭ
   ᠬᠠᠲᠠ ᠰᠠᠶ᠋ᠢᠲᠠᠢ ᠦᠨᠡᠭᠡ ᠨᠢᠭᠡ ᠣᠮᠣᠷᠬᠠᠭ
   ᠬᠠᠲᠠᠮ ᠰᠠᠶ᠋ᠢᠲᠠᠢ ᠬᠦᠷᠭᠡᠨ ᠨᠢᠭᠡ ᠣᠮᠣᠷᠬᠠᠭ
   ᠬᠠᠷᠠᠴᠤ ᠰᠠᠶ᠋ᠢᠲᠠᠢ ᠨᠣᠶᠠᠨ ᠨᠢᠭᠡ ᠣᠮᠣᠷᠬᠠᠭ

       ᠭᠤᠷᠪᠠᠨ ᠬᠡᠴᠡᠭᠦᠦ
   ᠬᠠᠯᠠᠭᠠᠭᠰᠠᠨ ᠰᠢᠷᠬᠠᠨ ᠪ ᠶᠥᠭᠡ ᠨᠢ ᠬᠡᠴᠡᠭᠦᠦ
   ᠬᠠᠯᠠᠭᠠᠢ ᠨᠣᠭᠣᠭᠠᠨ ᠪ ᠦᠷᠭᠦᠭᠡᠰᠦ ᠨᠢ ᠬᠡᠴᠡᠭᠦᠦ
   ᠬᠠᠷ᠎ᠠ ᠰᠠᠨᠠᠭᠠᠲᠠᠨ ᠪ ᠬᠣᠣᠷ ᠨᠢ ᠬᠡᠴᠡᠭᠦᠦ

       ᠭᠤᠷᠪᠠᠨ ᠬᠡᠴᠡᠭᠦᠦ
   ᠬᠠᠶ᠋ᠢᠷᠠᠲᠠᠢ ᠡᠬᠡᠨᠡᠷ ᠦ᠋ᠨ ᠰᠡᠵᠢᠭᠯᠡᠬᠦ ᠨᠢ ᠬᠡᠴᠡᠭᠦᠦ
   ᠬᠠᠯᠠ ᠲᠠᠢ ᠬᠠᠲᠠᠮ ᠦ᠋ᠨ ᠵᠥᠭᠡᠬᠦ ᠨᠢ ᠬᠡᠴᠡᠭᠦᠦ
   ᠬᠠᠪᠤᠲᠤ ᠦᠭᠡ ᠶ᠋ᠢᠨ ᠶᠦᠮᠦᠷ ᠨᠢ ᠬᠡᠴᠡᠭᠦᠦ

       ᠭᠤᠷᠪᠠᠨ ᠠᠶ᠋ᠢᠬᠤᠪᠲᠤᠷ
   ᠬᠠᠷ᠎ᠠ ᠲᠦᠷᠦᠭᠦᠲᠦᠨ ᠪ ᠪᠣᠲᠣᠯᠬ᠋᠎ᠠ ᠠᠶ᠋ᠢᠬᠤᠪᠲᠤᠷ
   ᠬᠠᠲᠠᠨ ᠵᠣᠷᠢᠬᠲᠠᠨ ᠪ ᠰᠥᠰᠥ ᠠᠶ᠋ᠢᠬᠤᠪᠲᠤᠷ
   ᠬᠠᠭᠠᠨ ᠨᠣᠶᠠᠨᠲᠠᠨ ᠪ ᠵᠠᠷᠯᠢᠬ ᠠᠶ᠋ᠢᠬᠤᠪᠲᠤᠷ

       ᠭᠤᠷᠪᠠᠨ ᠰᠢᠪᠰᠢᠭ
   ᠬᠡᠷᠡᠭ ᠲᠠᠲᠠᠭᠴᠢ ᠣᠯᠠᠨ ᠪ ᠰᠢᠪᠰᠢᠭ
   ᠬᠡᠷᠡᠭᠦᠯ ᠡᠭᠦᠰᠬᠡᠭᠴᠢ ᠠᠶ᠋ᠢᠯ ᠦ᠋ᠨ ᠰᠢᠪᠰᠢᠭ
   ᠬᠡᠩᠰᠢᠭᠦᠲᠦ ᠯᠠᠮᠠ ᠨᠣᠮ ᠦ᠋ᠨ ᠰᠢᠪᠰᠢᠭ

       ᠭᠤᠷᠪᠠᠨ ᠳᠤᠤᠭᠠᠷᠬᠤ ᠦᠭᠡᠢ
   ᠬᠡᠩᠭᠡᠷᠭᠡ ᠨᠢ ᠳᠤᠤᠭᠠᠷᠪᠠᠯ ᠴᠠᠩ ᠨᠢ ᠳᠤᠤᠭᠠᠷᠬᠤ ᠦᠭᠡᠢ
   ᠬᠡᠲᠦᠭᠦᠯᠡ ᠪᠡᠨ ᠨᠡᠶ᠋ᠢᠯᠡᠪᠡᠯ ᠪᠦᠭᠦᠲᠡ ᠨᠢ ᠳᠤᠤᠭᠠᠷᠬᠤ ᠦᠭᠡᠢ
   ᠬᠣᠭᠣᠯᠠᠢ ᠪᠠᠨ ᠰᠢᠬᠠᠪᠠᠯ ᠲᠥᠪᠥᠩᠬᠡᠢ ᠨᠢ ᠳᠤᠤᠭᠠᠷᠬᠤ ᠦᠭᠡᠢ

       ᠭᠤᠷᠪᠠᠨ ᠬᠡᠴᠡᠭᠦᠦ
   ᠬᠡᠭᠡᠯᠢ ᠢᠳᠡᠳᠡᠭ ᠡᠴᠡ ᠨᠣᠶᠠᠨ ᠬᠡᠴᠡᠭᠦᠦ
   ᠬᠡᠷᠡᠭ ᠲᠠᠲᠠᠲᠠᠭ ᠠ᠋ᠴᠠ ᠯᠤᠶ᠋ᠢᠪᠠᠷᠴᠢᠨ ᠬᠡᠴᠡᠭᠦᠦ
   ᠬᠡᠩᠰᠢᠭᠦᠦ ᠢᠳᠡᠳᠡᠭ ᠡᠴᠡ ᠯᠠᠮᠠ ᠬᠡᠴᠡᠭᠦᠦ

       ᠭᠤᠷᠪᠠᠨ ᠦᠭᠡᠢ
   ᠬᠡᠨ ᠡᠷᠲᠡᠮ ᠦᠭᠡᠢ ᠪᠣᠯ ᠲᠡᠭᠦᠨ ‍ᠳᠤ ᠣᠯᠵᠠ ᠦᠭᠡᠢ
   ᠬᠡᠨ ‍ᠳᠤ ᠡᠨᠡᠷᠢᠯ ᠦᠭᠡᠢ ᠪᠣᠯ ᠲᠡᠭᠦᠨ ‍ᠳᠤ ᠠᠮᠠᠷᠠᠭ ᠦᠭᠡᠢ
   ᠬᠡᠨ ‍ᠳᠤ ᠡᠶ᠎ᠡ  ᠦᠭᠡᠢ ᠪᠣᠯ ᠲᠡᠭᠦᠨ ‍ᠳᠤ ᠠᠨᠳᠠ ᠦᠭᠡᠢ

       ᠭᠤᠷᠪᠠᠨ ᠠᠶᠤᠯᠭᠠᠨ᠎ᠠ
   ᠬᠡᠦᠬᠡᠳ ᠤᠬᠢᠯᠠᠬᠤ ᠎ᠪᠠᠷ ‍ᠢᠶ᠋ᠠᠨ ᠠᠶᠤᠯᠭᠠᠨ᠎ᠠ
   ᠬᠥᠭᠰᠢᠳ ᠦᠬᠦᠬᠦ ᠎ᠪᠠᠷ ‍ᠢᠶ᠋ᠠᠨ ᠠᠶᠤᠯᠭᠠᠨ᠎ᠠ
   ᠬᠡᠦᠬᠡᠨ ᠳᠤᠤᠭᠠᠷᠬᠤ ᠦᠭᠡᠢ ᠎ᠪᠠᠷ ‍ᠢᠶ᠋ᠠᠨ ᠠᠶᠤᠯᠭᠠᠨ᠎ᠠ

       ᠭᠤᠷᠪᠠᠨ ᠪᠠᠶ᠋ᠢᠬᠤ
   ᠬᠡᠷᠡᠭᠦᠯᠴᠢ ‍ᠶ᠋ᠢᠨ ᠠᠮᠠᠨ ‍ᠳᠤ ᠬᠠᠷᠢᠶᠠᠲᠤ ᠪᠠᠶ᠋ᠢᠬᠤ
   ᠱᠠᠯᠢᠬᠴᠢ ‍ᠶ᠋ᠢᠨ ᠨᠢᠳᠦᠨ ‍ᠳᠤ ᠬᠡᠦᠬᠡᠨ ᠪᠠᠶ᠋ᠢᠬᠤ
   ᠠᠶᠤᠭᠴᠢ ‍ᠶ᠋ᠢᠨ ᠴᠢᠬᠢᠨ ‍ᠳᠤ ᠤᠭᠤᠯᠢ ᠪᠠᠶ᠋ᠢᠬᠤ

        ᠭᠤᠷᠪᠠᠨ ᠦᠭᠡᠢ
   ᠬᠡᠭᠡᠷ᠎ᠡ ‍ᠶ᠋ᠢᠨ ᠬᠥᠮᠦᠨ ‍ᠳᠤ ᠬᠡ ᠦᠭᠡᠢ
   ᠬᠡᠷᠴᠡᠭᠡᠢ ᠠᠮᠢᠲᠠᠨ ‍ᠳᠤ ᠨᠠᠶ᠋ᠢᠷ ᠦᠭᠡᠢ
   ᠬᠡᠲᠡ ᠭᠠᠯ ‍ᠳᠤ ᠪᠤᠷᠬᠠᠨ ᠦᠭᠡᠢ

       ᠭᠤᠷᠪᠠᠨ ᠭᠤᠶ᠋ᠢᠪᠢᠯᠵᠠᠭᠤᠷ
   ᠬᠡᠷᠡᠮ ‍ᠤᠨ ᠣᠷᠣᠢ ‍ᠳᠤ ᠤᠷᠭᠤᠭᠰᠠᠨ ᠡᠪᠡᠰᠦ ᠭᠤᠶ᠋ᠢᠪᠢᠯᠵᠠᠭᠤᠷ
   ᠬᠡᠪ ‍ᠤᠨ ᠵᠣᠭᠰᠣᠯᠲᠠ ᠎ᠪᠠᠨ ᠠᠯᠳᠠᠭᠰᠠᠨ ᠬᠥᠮᠦᠨ ᠭᠤᠶ᠋ᠢᠪᠢᠯᠵᠠᠭᠤᠷ
   ᠬᠡᠯᠡᠵᠦ ᠴᠢᠳᠠᠬᠤ ᠬᠥᠮᠦᠨ ‍ᠤ ᠦᠭᠡ ᠨᠢ ᠭᠤᠶ᠋ᠢᠪᠢᠯᠵᠠᠭᠤᠷ

        ᠭᠤᠷᠪᠠᠨ ᠭᠡᠮᠰᠢᠯ
   ᠬᠡᠪᠲᠡᠭᠡ ᠲᠠᠤᠯᠠᠢ ‍ᠶ᠋ᠢ ᠠᠯᠳᠠᠪᠠᠯ ᠭᠡᠷ ᠎ᠲᠡᠭᠡᠨ ᠬᠦᠷᠲᠡᠯ᠎ᠡ ᠭᠡᠮᠰᠢᠯ
   ᠭᠡᠷᠭᠡᠢ ᠮᠠᠭᠤ ‍ᠶ᠋ᠢ ᠠᠪᠤᠪᠠᠯ ᠦᠬᠦᠨ ᠦᠬᠦᠲᠡᠯ᠎ᠡ ᠎ᠪᠠᠨ ᠭᠡᠮᠰᠢᠯ
   ᠭᠡᠨᠡᠳᠡᠵᠦ ᠪᠤᠷᠤᠭᠤ ᠠᠯᠬᠤᠪᠠᠯ ᠮᠠᠷᠲᠠᠨ ᠮᠠᠷᠲᠠᠲᠠᠯ᠎ᠠ ᠎ᠪᠠᠨ ᠭᠡᠮᠰᠢᠯ

       ᠭᠤᠷᠪᠠᠨ ᠰᠠᠶ᠋ᠢᠬᠠᠨ
   ᠬᠡᠭᠡᠷ ‍ᠢᠶ᠋ᠠᠨ ᠤᠨᠤᠬᠤ ‍ᠳᠤ ᠭᠡᠶ᠋ᠢᠪᠦᠷ ᠶᠠᠩᠵᠤ ᠰᠠᠶ᠋ᠢᠬᠠᠨ
   ᠬᠡᠯᠡᠯᠴᠡᠵᠦ ᠰᠠᠭᠤᠬᠤ ‍ᠳᠤ ᠠᠨᠳᠠ ᠨᠥᠬᠥᠷ ᠰᠠᠶ᠋ᠢᠬᠠᠨ
   ᠬᠡᠷᠡᠭ ᠪᠦᠲᠦᠭᠡᠬᠦ ‍ᠳᠤ ᠠᠷᠭ᠎ᠠ ᠳᠠᠮ ᠰᠠᠶ᠋ᠢᠬᠠᠨ

       ᠭᠤᠷᠪᠠᠨ ᠪᠤᠷᠤᠭᠤ
   ᠬᠡᠲᠦᠷᠬᠡᠢ ᠮᠡᠷᠭᠡᠨ ᠮᠡᠳᠡᠯ ᠦᠭᠡᠢ ᠪᠠᠶ᠋ᠢᠭᠠᠳ ᠮᠡᠷᠭᠡᠯᠡᠬᠦ ᠪᠤᠷᠤᠭᠤ
   ᠬᠡᠨ ‍ᠳᠤ ᠎ᠴᠦ᠍ ᠰᠠᠶ᠋ᠢᠨ ᠬᠢᠭᠡ ᠦᠭᠡᠢ ᠪᠠᠶ᠋ᠢᠭᠠᠳ ᠰᠠᠷᠪᠠᠶ᠋ᠢᠬᠤ ᠪᠤᠷᠤᠭᠤ
   ᠬᠡᠨ ᠠ᠋ᠴᠠ ᠴᠦ᠍ ᠳᠣᠣᠷᠠᠳᠤ ᠮᠤᠩᠬᠠᠭ ᠪᠠᠶ᠋ᠢᠭᠠᠳ  ᠣᠭᠰᠣᠶ᠋ᠢᠬᠤ ᠪᠤᠷᠤᠭᠤ

       ᠭᠤᠷᠪᠠᠨ ᠪᠠᠭᠤᠷᠠᠬᠤ
   ᠬᠡᠨ ᠠ᠋ᠴᠠ ᠬᠡᠲᠦᠷᠬᠡᠢ ᠰᠠᠶ᠋ᠢᠬᠠᠭᠴᠢᠳ ‍ᠤᠨ ᠣᠮᠣᠭ ᠪᠠᠭᠤᠷᠠᠬᠤ
   ᠬᠡᠭᠡᠮᠰᠦᠭ ᠭᠤᠸ᠋᠎ᠠ ‍ᠶ᠋ᠢ ᠡᠳ᠋ᠯᠡᠭᠴᠢᠳ ᠤᠨ ᠪᠤᠶᠠᠨ ᠪᠠᠭᠤᠷᠠᠬᠤ
   ᠭᠡᠲᠦ ᠮᠠᠭᠤ ᠰᠠᠨᠠᠭᠴᠢᠳ ‍ᠤᠨ ᠥᠮᠥᠭ ᠪᠠᠭᠤᠷᠠᠬᠤ

       ᠭᠤᠷᠪᠠᠨ ᠮᠠᠭᠤ
   ᠭᠡᠲᠡ ᠬᠢᠲᠤᠭ᠎ᠠ ᠡᠰᠢ ᠳ᠋ᠡᠭᠡᠨ ᠮᠠᠭᠤ
   ᠬᠡᠷᠡᠭᠦᠯᠴᠢ ᠬᠥᠮᠦᠨ ᠭᠡᠷ ᠎ᠲᠡᠭᠡᠨ ᠮᠠᠭᠤ
   ᠬᠡᠳᠡᠷ ᠵᠠᠩ ᠪᠡᠶ᠎ᠡ ᠳ᠋ᠡᠭᠡᠨ ᠮᠠᠭᠤ

       ᠭᠤᠷᠪᠠᠨ ᠦᠨᠡᠨ
   ᠬᠡᠨ ‍ᠳᠤ ᠡᠷᠳᠡᠮ ᠪᠠᠶ᠋ᠢᠪᠠᠯ ᠲᠡᠭᠦᠨ ‍ᠳᠤ ᠲᠤᠰᠠ ᠪᠣᠯᠬᠤ ᠦᠨᠡᠨ
   ᠬᠡᠨ ‍ᠳᠤ ᠡᠶ᠎ᠡ ᠪᠠᠶ᠋ᠢᠪᠠᠯ ᠲᠡᠭᠦᠨ ‍ᠳᠤ ᠨᠥᠬᠥᠷ ᠣᠯᠠᠨ ᠦᠨᠡᠨ
   ᠬᠡᠨ ‍ᠳᠤ ᠡᠷᠬᠡ ᠪᠠᠶ᠋ᠢᠪᠠᠯ ᠲᠡᠭᠦᠨ ‍ᠳᠤ ᠰᠦᠷ ᠶᠡᠬᠡ ᠦᠨᠡᠨ

       ᠭᠤᠷᠪᠠᠨ ᠳᠠᠶ᠋ᠢᠰᠤᠨ
   ᠬᠡᠷᠡᠭᠦᠯ ᠮᠠᠷᠭᠤᠭᠠᠨ ᠬᠡᠯᠡᠨ ‍ᠤ ᠳᠠᠶ᠋ᠢᠰᠤᠨ
   ᠬᠢᠵᠢᠭ ᠲᠠᠬᠤᠯ ᠠᠮᠢᠨ ‍ᠤ ᠳᠠᠶ᠋ᠢᠰᠤᠨ
   ᠬᠡᠳᠡᠭᠡᠨ᠎ᠡ ᠪᠠᠲᠠᠭᠠᠨ᠎ᠠ ᠮᠠᠯ ‍ᠤᠨ ᠳᠠᠶ᠋ᠢᠰᠤᠨ

       ᠭᠤᠷᠪᠠᠨ ᠨᠣᠶ᠋ᠢᠲᠠᠨ
   ᠬᠡᠯᠡᠵᠦ ᠴᠢᠳᠠᠬᠤ ᠬᠥᠮᠦᠨ ‍ᠤ ᠬᠡᠯᠡ ᠨᠣᠶ᠋ᠢᠲᠠᠨ
   ᠬᠡᠯᠡᠵᠦ ᠴᠢᠳᠠᠬᠤ ᠦᠭᠡᠢ ᠬᠥᠮᠦᠨ ‍ᠦ ᠨᠢᠳᠦ ᠨᠣᠶ᠋ᠢᠲᠠᠨ
   ᠬᠡᠪᠡᠯᠢ ‍ᠳᠤ ᠣᠷᠣᠭᠰᠠᠨ ᠢᠳᠡᠰᠢ ᠨᠢᠭᠡ ᠨᠣᠶ᠋ᠢᠲᠠᠨ

       ᠭᠤᠷᠪᠠᠨ ᠬᠥᠬᠡ
   ᠬᠡᠷᠡᠭᠦᠯᠴᠢ ᠬᠥᠮᠦᠨ ‍ᠤ ᠤᠷᠤᠭᠤᠯ ᠨᠢ ᠬᠥᠬᠡ
   ᠬᠡᠷᠴᠡᠭᠡᠢ ᠬᠥᠮᠦᠨ ‍ᠤ ᠴᠢᠷᠠᠢ ᠨᠢ ᠬᠥᠬᠡ
   ᠬᠦᠢᠲᠡᠷᠡᠬᠦ ᠲᠩᠷᠢ ‍ᠶ᠋ᠢᠨ ᠬᠥᠪᠡᠭᠡ ᠨᠢ ᠬᠥᠬᠡ

       ᠭᠤᠷᠪᠠᠨ ᠦᠭᠡᠢ
   ᠬᠡᠷᠡᠭᠦᠯᠴᠢ ᠬᠥᠮᠦᠨ ‍ᠳᠤ ᠰᠠᠶ᠋ᠢᠨ ᠠᠮᠠ ᠦᠭᠡᠢ
   ᠬᠡᠭᠵᠢᠭᠦᠨ ᠠᠮᠢᠲᠠᠨ ‍ᠳᠤ ᠰᠠᠶ᠋ᠢᠨ ᠣᠶ᠋ᠢᠯᠠ ᠦᠭᠡᠢ
   ᠬᠡᠪᠡᠯᠢ ᠭᠡᠳᠡᠰᠦᠨ ‍ᠳᠤ ᠰᠠᠶ᠋ᠢᠨ ᠦᠨᠦᠷ ᠦᠭᠡᠢ
       

    ᠦᠰᠦᠭ ᠠᠮᠢᠯᠠᠭᠤᠯᠤᠭᠴᠢ ᠄   ᠣᠶᠤᠨᠲᠤᠨᠠᠯ ᠂ ᠳ᠋ᠦ᠋ᠩ ᠹᠧᠩ ᠂  ᠬᠠᠷᠠᠨᠤᠳ ᠲᠤᠶᠠᠭ᠎ᠠ ᠂  ᠮᠢᠩᠭᠠᠳ  ᠴᠢᠮᠡᠭ ᠂ ᠬᠠᠳᠠᠴᠢ ᠤᠷᠠᠨ᠎ᠠ  
            ᠬᠢᠨᠠᠭᠴᠢ ᠄   ᠮᠢᠩᠭᠠᠳ ᠴᠢᠮᠡᠭ ᠂  ᠬᠠᠷᠠᠨᠤᠳ ᠲᠤᠶᠠᠭ᠎ᠠ