ᠵᠢᠷᠮᠦᠰᠦᠨ ᠮᠠᠨᠠᠨ 〈 1 〉 - ᠲ ᠂ ᠭᠣᠮᠪᠣᠵᠠᠪ Жирэмсэн манан 〈 1 〉 - Т ᠂ Гомбожав ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠢᠷᠮᠦᠰᠦᠨ ᠮᠠᠨᠠᠨ 〈 1 〉 - ᠲ ᠂ ᠭᠣᠮᠪᠣᠵᠠᠪ Жирэмсэн манан 〈 1 〉 - Т ᠂ Гомбожав

ᠵᠢᠷᠮᠦᠰᠦᠨ ᠮᠠᠨᠠᠨ 〈 1 〉 - ᠲ ᠂ ᠭᠣᠮᠪᠣᠵᠠᠪ Жирэмсэн манан 〈 1 〉 - Т ᠂ Гомбожав

2023-05-24

239

ᠵᠢᠷᠮᠦᠰᠦᠨ ᠮᠠᠨᠠᠨ - 1


          ᠡᠷᠢᠯ 

 ᠵᠠᠮ ᠦ᠋ᠳ 
 ᠨᠠᠲᠠ ᠭᠣᠮᠣᠲᠠᠨ ᠬᠣᠴᠣᠷᠬᠤ ᠮᠣᠭᠠᠶ᠋ᠢᠳ ᠦ᠋ᠨ ᠬᠡᠯᠡ ᠂ ᠪᠠᠶᠠᠷᠲᠠᠢ ᠡ
 ᠡᠪᠡᠤᠠᠬᠦ ᠳ᠋ᠡᠭᠡᠨ ᠪᠢ 
 ᠡᠮᠦᠨᠡᠰᠢ ᠪᠡᠨ ᠲᠤᠶ᠋ᠢᠯ ᠦᠭᠡᠢ ᠭᠦᠶᠦᠯ᠎ᠡ
 ᠡᠭᠦᠲᠡ ᠪᠦᠬᠦᠨ ᠴᠣᠣᠵᠢᠲᠠᠢ
 ᠥᠷᠥᠭᠡᠰᠦᠨ ᠨᠢᠲᠦ ᠪᠡᠨ ᠠᠨᠢᠬᠰᠠᠨ ᠠᠶ᠋ᠢᠯ ᠦ᠋ᠳ ᠨᠠᠮᠠᠶ᠋ᠢ ᠲᠠᠨᠢᠬᠤ ᠦᠭᠡᠢ
 ᠡᠬᠡ ᠳᠡᠯᠡᠬᠡᠢ ᠶ᠋ᠢᠨ ᠶ᠋ᠢᠡᠨ ᠳᠤᠰᠤᠯ ᠨᠢᠯᠪᠤᠰᠤᠨ ᠳᠦ
 ᠡᠮᠵᠡᠭᠬᠡᠨ ᠰᠡᠤᠠᠬᠢᠯ ᠲᠡᠢ ᠳᠠᠷᠤᠭᠳᠠᠵᠤ ᠂ ᠪᠢ 
 ᠡᠲᠦᠷ ᠪᠣᠯᠭᠠᠨ
 ᠥᠪᠡᠷ ᠲᠡᠢ ᠪᠡᠨ ᠳᠠᠭᠤᠤ ᠦᠭᠡᠢ ᠵᠥᠷᠢᠨ᠎ᠡ
 ᠴᠠᠭᠠᠨᠠᠬᠠᠨ ᠬᠠᠷᠠᠭᠲᠠᠬᠤ ᠴᠡᠴᠡᠭ ᠦ᠋ᠳ ‍ᠤᠨ
 ᠴᠠᠮᠴᠠᠨ ᠬᠣᠷᠮᠣᠢ ᠰᠢᠭ᠋ ᠨᠢᠮᠭᠡᠬᠡᠨ ᠬᠦᠰᠡᠬᠦᠢ
 ᠴᠠᠭᠠᠨ ᠪᠤᠭᠤᠷᠤᠯ ᠮᠠᠩᠬᠠᠨ ᠪ
 ᠥᠨᠢ ᠮᠥᠩᠬᠡ ᠨᠣᠶᠠᠯᠠᠯ ᠊ᠢ ᠡᠰᠡᠷᠭᠦᠦ ᠨᠤᠲᠠᠯᠠᠨ ᠭᠠᠩᠬᠤᠨ᠎ᠠ
 ᠨᠠᠷᠠᠨ ᠪ ᠪᠠᠨ ᠪᠥᠮᠪᠥᠷᠢᠵᠦ ᠥᠲᠡᠯᠦᠭᠰᠡᠨ ᠮᠥᠷ ᠳᠡᠭᠡᠷ᠎ᠡ    
 ᠨᠠᠭᠠᠲᠤᠶ᠎ᠠ ᠭᠡᠬᠦ  ᠳᠦ ᠤᠷᠮ᠎ᠠ ᠢᠷᠡᠬᠦ ᠦᠭᠡᠢ
 ᠨᠠᠮᠤᠷᠰᠢᠬᠤ ᠵᠠᠭᠤᠨ ᠪ ᠰᠢᠷ᠎ᠠ ᠪᠦᠷᠦᠢ
 ᠨᠠᠲᠠ ᠪᠠᠷᠢᠬᠲᠠᠯ ᠦᠭᠡᠢ ᠥᠤᠠᠬᠡᠷᠡᠨ᠎ᠡ
 ᠤᠯᠠᠷᠢᠯ ᠳᠠᠪᠠᠬᠤ ᠮᠣᠲᠣᠳ ‍ᠤᠨ ᠮᠢᠨᠢ ᠬᠥᠯ ᠦ᠋ᠨ ᠴᠢᠮᠡᠭᠡ   
 ᠤᠷᠤᠭᠰᠢ ᠪᠠᠨ ᠬᠥᠬᠡᠷᠡᠵᠦ
 ᠠᠭᠤᠯᠠᠰ ᠦ᠋ᠨ ᠣᠷᠭᠢᠯ ᠳᠠᠮᠵᠢᠨ
 ᠤᠨᠠᠬᠤ ᠠ᠋ᠴᠠ ᠳᠡᠭᠡᠭᠦᠷ ᠴᠠᠰᠢᠯᠠᠨ᠎ᠠ ᠁
 ᠡᠷᠭᠢᠵᠦ ᠬᠠᠷᠠᠬᠤ
 ᠡᠨᠡ ᠬᠢᠮᠲᠠᠬᠠᠨ ᠵᠣᠯ ᠲᠠᠢ
 ᠪᠢ ᠡᠭᠦᠷᠢᠲᠡ ᠬᠠᠭᠠᠴᠠᠯ᠎ᠠ ᠡ 

          ᠵᠢᠮ᠎ᠡ ᠶᠣᠰᠣ 

 ᠮᠢᠨᠦ ᠠᠪᠠ ᠶ᠋ᠢᠨ ᠫᠤᠤ ᠬᠣᠪᠲᠣᠭᠬᠠᠨ ᠲᠠᠴᠢᠭᠢᠨᠠᠯ᠎ᠠ
 ᠡᠪ ᠠᠷᠭᠠᠲᠠᠵᠤ ᠤᠨᠠᠭᠰᠠᠨ ᠴᠠᠰᠤ ᠶ᠋ᠢ
 ᠡᠮᠵᠡᠭᠬᠡᠨ ᠰᠣᠴᠢᠭᠠᠵᠤ
 ᠡᠯᠢᠶᠡᠨ ᠳᠠᠯᠠᠪᠴᠢ ᠭᠢᠯᠠᠰᠬᠢᠨ ᠂ ᠵᠡᠷᠯᠢᠭ᠋ ᠱᠤᠤᠭᠢᠯ᠎ᠠ
 ᠡᠷᠬᠢ ᠰᠤᠵᠠᠭ ᠪᠢᠲᠡᠭᠦᠬᠡᠨ ᠳᠣᠷᠭᠢᠨ᠎ᠠ
 ᠡᠬᠡ ᠲᠠᠯ᠎ᠠ ᠶ᠋ᠢᠨ
 ᠡᠨᠳᠡᠯ ᠵᠡᠭᠦᠲᠦᠯᠡᠭᠡ ᠦᠭᠡᠢ
 ᠬᠡᠢ ᠮᠣᠷᠢ ᠵᠡᠷᠭᠡᠯᠭᠡᠨ ᠭᠡᠨᠡᠲᠡᠵᠦ
 ᠡᠯᠢᠭᠡ ᠪᠡᠷ ᠶ᠋ᠢᠠᠨ ᠱᠤᠩᠭᠤᠴᠢᠨ ᠤᠨᠠᠯ᠎ᠠ
 ᠬᠦᠯᠢᠶᠡᠵᠦ ᠲᠠᠭᠵᠢᠬᠰᠠᠨ ᠳᠣᠭᠳᠣᠯᠤᠯ ᠤᠬᠤᠰᠬᠢᠨ
 ᠮᠢᠨᠦ ᠮᠥᠷ ᠪᠦᠬᠦᠨ ᠰᠢᠨᠤᠭ ᠱᠠᠵᠢᠭᠢᠨᠠᠵᠤ
 ᠣᠯᠵᠠ ᠳ᠋ᠠᠭᠠᠨ ᠳᠥᠭᠥᠯ᠎ᠡ
 ᠲᠡᠭᠡᠬᠦ  ᠳᠦ ᠂ 
 ᠠᠩ ᠨᠢᠭᠡᠴᠦ ᠪᠠᠶ᠋ᠢᠬᠰᠠᠨ ᠦᠭᠡᠢ
 ᠠᠯᠲᠠᠭᠠᠨ ᠳ᠋ᠠᠭᠠᠨ ᠢᠴᠢᠭᠰᠡᠨ ᠰᠤᠮᠤ ᠨᠢᠭᠡᠪᠦᠷᠢ
 ᠨᠠᠮᠠᠶ᠋ᠢ ᠨᠡᠪᠲᠡᠯᠦᠨ ᠱᠤᠤᠭᠢᠵᠤ ᠪᠠᠶ᠋ᠢᠯ᠎ᠠ
 ᠮᠢᠨᠦ ᠴᠢᠰᠤᠨ ᠫᠤᠤ ᠭᠤᠨᠢᠭᠲᠠᠶ᠋ᠢᠬᠠᠨ ᠨᠤᠷᠬᠢᠯ᠎ᠠ ᠡ ᠁ 

ᠵᠠᠯᠠᠭᠤ ᠰᠢᠯᠦᠭᠴᠢᠳ ᠦᠨ ᠴᠣᠪᠣᠷᠠᠯ ᠪᠢᠴᠢᠭ᠌ 
          <  ᠢᠷᠡᠬᠦ ᠵᠠᠭᠤᠨ ᠤ ᠬᠣᠩᠬᠣᠨ ᠳᠠᠭᠤᠨ > ᠎ ᠡᠴᠡ ᠬᠠᠭᠤᠯᠪᠠ᠃

       ᠦᠰᠦᠭ ᠠᠮᠢᠯᠠᠭᠤᠯᠤᠭᠰᠠᠨ ᠨᠢ ᠄  ᠲᠡᠭᠷᠢ  ᠡᠵᠢ
          ᠬᠢᠨᠠᠭᠴᠢ ᠄  ᠴᠣᠯᠮᠣᠨᠲᠤᠶᠠᠭ᠎ᠠ 
               2023 ᠂ 5 ᠂ 22  ᠪ ᠡᠲᠦᠷ