3-19-22ᠢᠰᠢᠲᠠᠨᠽᠠᠨᠸᠠᠩᠵᠢᠯ ᠤ᠋ᠨ ᠡᠮᠴᠢᠯᠡᠭᠡᠨ ᠦ᠌ ᠵᠣᠷ ᠵᠠᠰᠠᠯ- ᠨᠢᠭᠤᠷ ᠤ᠋ᠨ ᠭᠦᠪᠳᠦᠷᠦᠦ᠂ ᠡᠭᠡᠷᠡᠦᠯ ᠦ᠋ᠨ ᠰᠢᠷᠬ᠎ᠠ ᠶ᠋ᠢ ᠵᠠᠰᠠᠬᠤ᠂ ᠴᠢᠬᠢᠨ ᠳ᠋ᠦ᠍ ᠣᠷᠣᠭᠰᠠᠨ ᠬᠣᠷᠣᠬᠠᠢ ᠶ᠋ᠢ ᠭᠠᠷᠭᠠᠬᠤ
ᠨᠢᠭᠤᠷ ᠤ᠋ᠨ ᠭᠦᠪᠳᠦᠷᠦᠦ ᠶ᠋ᠢ ᠵᠠᠰᠠᠬᠤ
ᠨᠢᠭᠤᠷ ᠲᠤ᠌ ᠤᠯᠠᠭᠠᠨ᠂ ᠬᠠᠷ᠎ᠠ ᠥᠴᠦᠬᠡᠨ ᠭᠦᠪᠳᠦᠷᠦᠦ ᠭᠠᠷᠪᠠᠰᠤ ᠲᠡᠭᠦᠨ ᠳ᠋ᠦ᠍ ᠶᠦᠩᠭᠠᠷ᠂ ᠮᠥᠰᠥᠨ ᠰᠢᠬᠢᠷ᠂ ᠴᠠᠭᠠᠨ ᠱᠣᠳᠠᠭ᠂ ᠵᠠᠽᠤᠸᠠ᠂ ᠲᠠᠩᠫᠤᠷᠤᠮ᠂ ᠬᠣᠨᠢᠨ ᠲᠠᠷᠢᠬᠢ᠂ ᠰᠠᠢᠨ ᠬᠤᠵᠢᠷ ᠊ᠢ ᠡᠷᠬᠢᠮ ᠪᠣᠯᠭᠠᠵᠤ ᠪᠤᠰᠤᠳ ᠦ᠋ᠳ ᠊ᠢ ᠥᠴᠦᠬᠡᠨ ᠨᠠᠶ᠋ᠢᠷᠠᠭᠤᠯᠵᠤ᠂ ᠡᠳᠦᠷ ᠪᠦᠷᠢ ᠤᠬᠢᠶᠠᠬᠤ ᠤᠰᠤᠨ ᠯᠤᠭ᠎ᠠ ᠬᠣᠯᠢᠵᠤ ᠤᠬᠢᠶᠠᠪᠠᠰᠤ ᠨᠢᠭᠤᠷ ᠭᠠᠷ ᠲᠤ᠌ ᠭᠡᠮ ᠦᠯᠦ ᠭᠠᠷᠬᠤ ᠪᠥᠭᠡᠳ ᠰᠠᠢᠬᠠᠨ ᠥᠩᠭᠡᠲᠦ ᠯᠢᠩᠬᠤ᠎ᠠ ᠶ᠋ᠢᠨ ᠨᠠᠪᠴᠢ ᠮᠡᠲᠦ ᠪᠠᠶᠠᠰᠬᠤᠯᠠᠩ ᠪᠣᠯᠬᠤ ᠭᠡᠮᠡᠨ ᠮᠡᠷᠭᠡᠳ ᠨᠠᠷ ᠵᠣᠬᠢᠶᠠᠪᠠᠢ᠃
ᠡᠭᠡᠷᠡᠦᠯ ᠦ᠋ᠨ ᠰᠢᠷᠬ᠎ᠠ ᠶ᠋ᠢ ᠵᠠᠰᠠᠬᠤ
ᠴᠢᠬᠢᠨ ᠳ᠋ᠦ᠍ ᠣᠷᠣᠭᠰᠠᠨ ᠬᠣᠷᠣᠬᠠᠢ ᠶ᠋ᠢ ᠭᠠᠷᠭᠠᠬᠤ
ᠴᠢᠬᠢᠨ ᠳ᠋ᠦ᠍ ᠬᠣᠷᠣᠬᠠᠢ ᠣᠷᠣᠪᠠᠰᠤ ᠠᠷᠪᠠᠢ ᠶ᠋ᠢ ᠤᠰᠤᠨ ᠳ᠋ᠤ᠌ ᠪᠤᠴᠠᠯᠭᠠᠵᠤ
ᠥᠴᠦᠬᠡᠨ ᠳᠤᠰᠤᠭᠠᠪᠠᠰᠤ ᠭᠠᠷᠬᠤ᠂ ᠡᠰᠡ ᠭᠠᠷᠪᠠᠰᠤ ᠬᠠᠷ᠎ᠠ ᠠᠷᠢᠬᠢ ᠬᠢᠪᠡᠰᠦ ᠮᠠᠭᠠᠳ ᠭᠠᠷᠬᠤ ᠶ᠋ᠢ ᠠᠮᠲᠠᠰᠢᠯᠠᠪᠠᠢ᠃
ᠨᠢᠯᠬᠠᠰ ᠤ᠋ᠨ ᠲᠣᠯᠣᠭᠠᠢ ᠶ᠋ᠢᠨ ᠶᠠᠷ᠎ᠠ ᠶ᠋ᠢ ᠵᠠᠰᠠᠬᠤ
ᠨᠢᠯᠬᠠᠰ ᠤ᠋ᠨ ᠲᠣᠯᠣᠭᠠᠢ ᠳ᠋ᠤ᠌ ᠶᠠᠷ᠎ᠠ ᠭᠠᠷᠤᠭᠰᠠᠨ ᠳ᠋ᠤ᠌ ᠪᠤᠶ᠋ᠢᠭᠠᠷ᠂
ᠬᠠᠷ᠎ᠠ ᠬᠥᠬᠥᠯ᠂ ᠪᠠᠷᠠᠬᠱᠦᠢ᠍ᠨ ᠊ᠢ ᠨᠠᠶ᠋ᠢᠷᠠᠭᠤᠯᠵᠤ ᠰᠦᠷᠴᠢᠪᠡᠰᠦ ᠲᠤᠰᠠᠲᠠᠢ᠃ ᠡᠰᠡ ᠪᠥᠭᠡᠰᠦ ᠬᠠᠭᠤᠴᠢᠨ ᠬᠤᠪᠴᠠᠰᠤ ᠶ᠋ᠢ
ᠤᠰᠤᠨ ᠳ᠋ᠤ᠌ ᠳᠡᠪᠲᠦᠭᠡᠵᠦ ᠢᠯᠵᠢᠯᠦᠭᠡᠳ ᠬᠥᠬᠡ ᠳᠠᠪᠤᠰᠤ ᠶ᠋ᠢ ᠴᠢᠨᠠᠭᠰᠠᠨ ᠤᠰᠤᠨ ᠳ᠋ᠤ᠌ ᠨᠢᠯᠲᠠᠷᠠᠭᠤᠯᠵᠤ ᠵᠤᠵᠠᠭᠠᠨ
ᠲᠦᠷᠬᠢᠵᠦ᠂ ᠨᠢᠭᠡ ᠡᠳᠦᠷ ᠨᠠᠭᠠᠵᠤ ᠠᠪ᠃ ᠤᠷᠢᠳᠤᠬᠢ ᠡᠮ ᠊ᠢ ᠲᠣᠰᠣᠨ ᠳ᠋ᠤ᠌ ᠵᠢᠭᠤᠷᠠᠵᠤ ᠰᠦᠷᠴᠢᠪᠡᠰᠦ ᠲᠤᠰᠠᠯᠠᠮᠤᠢ᠃
ᠦᠰᠦᠭ ᠠᠮᠢᠯᠠᠭᠤᠯᠤᠭᠴᠢ
᠄ ᠦᠯᠵᠡᠶ᠋ᠢᠪᠠᠭᠠᠲᠤᠷ
ᠬᠢᠨᠠᠭᠰᠠᠨ
ᠨᠢ ᠄ ᠣᠤᠠᠬᠠᠨᠰᠤ᠎ᠡ
