ᠦᠰᠦ ᠪᠡᠨ ᠪᠢ ᠪᠤᠲᠤᠬᠤ ᠦᠭᠡᠢ - ᠴᠢᠯᠠᠭᠤ ᠶ᠋ᠢᠨ ᠨᠠᠴᠤᠭᠲᠣᠷᠵᠢ Үсээ би бодохгүй - Чулуугийн Нацагдорж
ᠦᠰᠦ ᠪᠡᠨ ᠪᠢ ᠪᠤᠲᠤᠬᠤ ᠦᠭᠡᠢ
ᠴᠢᠯᠠᠭᠤ ᠶ᠋ᠢᠨ ᠨᠠᠴᠤᠭᠲᠣᠷᠵᠢ
ᠨᠠᠰᠤᠨ ᠪ ᠡᠭᠡᠯᠵᠢ ᠪᠡᠷ ᠴᠠᠶ᠋ᠢᠬᠰᠠᠨ
ᠦᠰᠦ ᠪᠡᠨ ᠪᠢ ᠪᠤᠲᠤᠬᠤ ᠦᠭᠡᠢ
ᠨᠠᠷᠠᠨ ᠳ᠋ᠤ᠌ ᠲᠣᠯᠪᠣ ᠲᠦᠷᠬᠢᠯᠡ ᠭᠡᠵᠦ
ᠨᠠᠮᠰᠠᠷᠠᠢ ᠪᠤᠷᠬᠠᠨ ᠠᠭᠤᠷᠯᠠᠬᠤ ᠶᠤᠮ
ᠨᠠᠲᠠ ᠶ᠋ᠢ ᠬᠥᠬᠥᠭᠦᠯᠵᠦ ᠥᠰᠬᠡᠭᠰᠡᠨ
ᠡᠵᠢ ᠶ᠋ᠢᠨ ᠮᠢᠨᠢ ᠨᠢᠲᠦ ᠪᠠᠯᠠᠷᠠᠬᠤ ᠶᠤᠮ
ᠡᠬᠡ ᠶ᠋ᠢᠨ ᠮᠥᠩᠭᠥᠨ ᠰᠦ᠋
ᠡᠩᠬᠦᠷᠡᠢ ᠦᠷ᠎ᠡ ᠳ᠋ᠤ᠌ ᠲᠤᠰᠠᠯᠠᠭᠰᠠᠨ ᠊ᠢ
ᠡᠬᠡ ᠳᠡᠯᠡᠬᠡᠢ ᠶ᠋ᠢᠨ ᠬᠠᠶ᠋ᠢᠷ᠎ᠠ
ᠢᠲᠡᠭᠡᠰᠢᠭᠦᠯᠵᠦ ᠨᠠᠲᠠᠲᠤ ᠪᠡᠯᠡᠭᠯᠡᠭᠰᠡᠨ ᠊ᠢ
ᠡᠨᠡ ᠭᠡᠵᠢᠭᠡ ᠬᠠᠷᠢᠭᠤᠯᠲᠠᠭ ᠶᠤᠮ
ᠡᠴᠢᠭᠡ ᠶ᠋ᠢᠨ ᠬᠠᠲᠠᠭᠤ ᠰᠤᠷᠭᠠᠯ
ᠡᠨᠡ ᠪᠡᠶ᠎ᠡ ᠳ᠋ᠤ᠌ ᠰᠢᠩᠭᠡᠭᠰᠡᠨ ᠊ᠢ
ᠢᠨᠠᠭ ᠦ᠋ᠨ ᠬᠠᠯᠠᠭᠤᠨ ᠤᠷᠤᠭᠤᠯ
ᠡᠯᠢᠭᠡ ᠵᠢᠷᠦᠬᠡᠨ ᠳ᠋ᠤ᠌ ᠠᠭᠤᠰᠤᠭᠰᠠᠨ ᠊ᠢ
ᠡᠨᠡ ᠭᠡᠵᠢᠭᠡ ᠦᠵᠡᠭᠦᠯᠳᠡᠭ ᠶᠤᠮ ᠠ᠋
ᠦᠰᠦ ᠪᠡᠨ ᠪᠢ ᠪᠤᠲᠤᠬᠤ ᠦᠭᠡᠢ
ᠠᠮᠢᠲᠤᠷᠠᠯ ᠦ᠋ᠨ ᠠᠷᠪᠠᠨ ᠲᠠᠮᠤ
ᠠᠯᠪᠠᠲᠤ ᠨᠠᠲᠠ ᠶ᠋ᠢ ᠰᠤᠷᠭᠠᠭᠰᠠᠨ ᠊ᠢ
ᠠᠰᠤᠷᠢ ᠲᠩᠷᠢ ᠶ᠋ᠢᠨ ᠨᠠᠷᠠ
ᠠᠭᠰᠢᠭᠠᠵᠤ ᠨᠠᠲᠠ ᠶ᠋ᠢ ᠪᠣᠰᠬᠠᠭᠰᠠᠨ ᠊ᠢ
ᠠᠯᠲᠠᠨ ᠳᠡᠯᠡᠬᠡᠢ ᠳ᠋ᠤ᠌ ᠮᠡᠳᠡᠭᠦᠯᠳᠡᠭ ᠶᠤᠮ
ᠦᠰᠦ ᠪᠡᠨ ᠪᠢ ᠪᠤᠲᠤᠬᠤ ᠦᠭᠡᠢ
ᠢᠨᠠᠭ ᠬᠠᠶ᠋ᠢᠷ᠎ᠠ ᠶ᠋ᠢᠨ ᠤᠷᠤᠰᠬᠠᠯ ᠳ᠋ᠤ᠌
ᠶᠠᠰᠤ ᠨᠢ ᠴᠠᠶ᠋ᠢᠬᠤ ᠠ᠋ᠴᠠ ᠡᠮᠦᠨ᠎ᠡ
ᠦᠰᠦ ᠶ᠋ᠢ ᠮᠢᠨᠢ ᠤᠷᠢᠲᠠᠪᠡᠷ ᠴᠠᠶ᠋ᠢᠯᠭᠠᠲᠠᠭ
ᠶᠠᠯ᠎ᠠ ᠪᠦᠬᠦᠨ ᠪ ᠡᠮᠦᠨ᠎ᠡ ᠡᠴᠡ
ᠭᠠᠪᠢᠶ᠎ᠠ ᠶ᠋ᠢ ᠮᠢᠨᠢ ᠣᠯᠵᠤ ᠲᠡᠮᠲᠡᠭᠯᠡᠭᠰᠡᠨ
ᠡᠷᠢᠶᠡᠨ ᠬᠣᠷᠸ᠋᠎ᠠ ᠶ᠋ᠢᠨ ᠲᠠᠮᠠᠬ᠋᠎ᠠ ᠶᠤᠮ
ᠦᠰᠦ ᠪᠡᠨ ᠪᠢ ᠪᠤᠲᠤᠬᠤ ᠦᠭᠡᠢ
ᠶᠠᠭᠠᠬᠢᠵᠤ ᠴᠦ᠍ ᠮᠡᠲᠡᠬᠦ ᠣᠷᠴᠢᠯᠠᠩ ᠳ᠋ᠤ᠌
ᠶᠠᠰᠤ ᠬᠠᠲᠠᠭᠤ ᠮᠣᠩᠭᠣᠯ ᠶᠠᠪᠤᠭᠰᠠᠨ ᠊ᠢ
ᠶᠢᠷᠲᠢᠨᠴᠦ ᠶ᠋ᠢᠨ ᠠᠭᠤᠤ ᠬᠠᠷᠠᠭᠠᠨ ᠳ᠋ᠤ᠌
ᠶᠢᠰᠦᠨ ᠬᠦᠰᠡᠯ ᠲᠡᠢ ᠨᠢ ᠵᠠᠷᠯᠠᠭᠰᠠᠨ
ᠡᠬᠡ ᠣᠷᠣᠨ ᠪ ᠮᠢᠨᠢ ᠬᠡᠶ᠋ᠢᠮᠣᠷᠢ ᠶᠤᠮ ᠰᠠᠨ
ᠦᠰᠦ ᠪᠡᠨ ᠪᠢ ᠪᠤᠲᠤᠬᠤ ᠦᠭᠡᠢ
ᠡᠵᠡᠨ ᠴᠢᠩᠭᠢᠰ ᠦ᠋ᠨ ᠨᠠᠢ᠍ᠮᠠᠨ ᠤᠷᠲᠤ ᠲᠠᠢ
ᠪᠣᠲᠣᠭ ᠰᠠᠴᠠᠭᠤ ᠥᠷᠪᠡᠯᠭᠡ ᠶᠤᠮ
ᠶᠡᠬᠡ ᠮᠣᠩᠭᠣᠯ ᠦ᠋ᠨ ᠴᠠᠶ᠋ᠢᠯᠭᠠᠨ ᠰᠡᠤᠠᠬᠢᠯ ᠲᠠᠢ
ᠪᠦᠷᠢᠯᠸ᠋ᠠ ᠠᠲᠠᠯᠢᠬᠠᠨ ᠭᠥᠬᠥᠯ ᠶᠤᠮ
ᠡᠵᠢ ᠶ᠋ᠢᠨ ᠴᠠᠭᠠᠨ ᠰᠦᠨ ᠪ
ᠢᠲᠡᠭᠡᠯᠡᠵᠦ ᠴᠢᠯᠠᠭᠤᠵᠢᠬᠰᠠᠨ ᠲᠥᠷᠬᠦ ᠶᠤᠮ
ᠶᠢᠷᠲᠢᠨᠴᠦ ᠶ᠋ᠢᠨ ᠠᠯᠲᠠᠨ ᠵᠢᠮ᠎ᠡ ᠪᠡᠷ
ᠴᠠᠶ᠋ᠢᠵᠤ ᠥᠭᠡᠷᠡᠭᠰᠡᠨ ᠰᠠᠮᠪᠠᠢ ᠶᠤᠮ
ᠦᠰᠦ ᠪᠡᠨ ᠪᠢ ᠪᠤᠲᠤᠬᠤ ᠦᠭᠡᠢ
ᠠᠷᠪᠠᠨ ᠭᠤᠷᠪᠠᠲᠤᠭᠠᠷ ᠵᠠᠭᠤᠨ ᠪ ᠰᠠᠷᠠᠨ
ᠰᠠᠮᠤᠷᠴᠤ ᠰᠠᠭᠤᠬ᠋ᠠ ᠰᠦ᠋ ᠶᠤᠮ
ᠠᠴᠢᠷ ᠦᠷᠡᠰ ᠦ᠋ᠨ ᠮᠢᠨᠢ ᠳᠤᠷᠠᠰᠬᠤ
ᠠᠯᠲᠠᠢ ᠶ᠋ᠢᠨ ᠴᠠᠰᠤᠲᠤ ᠣᠷᠭᠢᠯ ᠶᠤᠮ
ᠠᠲᠠᠭᠠᠲᠤ ᠲᠩᠷᠢ ᠶ᠋ᠢᠨ ᠣᠲᠣᠨ ᠰᠢᠭ᠋
ᠮᠥᠩᠭᠥᠨ ᠳᠤᠭᠤᠯᠠᠬ᠋ᠠ ᠲᠠᠢ ᠬᠡᠶ᠋ᠢᠮᠣᠷᠢ ᠶᠤᠮ
ᠦᠰᠦ ᠪᠡᠨ ᠪᠢ ᠪᠤᠲᠤᠬᠤ ᠦᠭᠡᠢ
ᠥᠩᠭᠡᠰᠢᠵᠦ ᠪᠢ ᠦᠰᠦ ᠪᠡᠨ ᠪᠤᠲᠤᠴᠢᠬᠠᠪᠠᠯ
ᠥᠪᠥᠷ ᠮᠤᠩᠭ᠋ᠤᠯ ᠳ᠋ᠤ᠌ ᠨᠠᠷᠠ ᠬᠬᠢᠷᠲᠦᠨᠡ
ᠥᠷᠭᠥᠭᠡ ᠭᠡᠷ ᠲᠤ᠌ ᠰᠠᠷ᠎ᠠ ᠬᠬᠢᠷᠲᠦᠨᠡ
ᠥᠭᠭᠢᠶᠡᠮᠦᠷ ᠡᠵᠢ ᠶ᠋ᠢᠨ ᠰᠡᠤᠠᠬᠢᠯ ᠬᠬᠢᠷᠲᠦᠨᠡ
ᠦᠨᠦᠰᠴᠦ ᠣᠴᠢᠲᠠᠭ ᠳᠡᠯᠡᠬᠡᠢ ᠮᠢᠨᠢ ᠬᠬᠢᠷᠲᠦᠨᠡ
ᠪᠢ ᠦᠰᠦ ᠪᠡᠨ ᠪᠤᠲᠤᠬᠤ ᠦᠭᠡᠢ
2019.4.10. ᠬᠢᠶ᠎ᠡ ᠪᠠᠭᠰᠢ ᠳ᠋ᠤ᠌
ᠠᠮᠢᠯᠠᠭᠤᠯᠤᠭᠴᠢ ᠄ ᠪᠠᠶᠠᠨᠰᠡᠷᠡᠩ
ᠬᠢᠨᠠᠭᠴᠢ ᠪᠠᠭᠰᠢ ᠄ ᠣᠳᠬᠠᠨᠰᠣ᠎ᠠ · ᠰᠡᠷᠭᠦᠯᠡᠩ
