ᠨᠠᠰᠤᠲᠠᠶ᠋ᠢᠴᠤᠳ ᠦ᠋ᠨ ᠪᠣᠬᠢᠨᠢᠲᠤᠯ ᠡᠪᠡᠤᠠᠴᠢᠨ ᠊ᠢ ᠰᠡᠷᠭᠡᠶ᠋ᠢᠯᠡᠨ ᠵᠠᠰᠠᠬᠤ < ᠮᠡᠲᠡᠯᠭᠡ ᠶ᠋ᠢᠨ ᠥᠷᠥᠭᠡ > - ᠨᠠᠭᠤᠨᠪᠢᠯᠢᠭ᠌ Настайчуудын бухимдал эвуучныг сэргийлэн засах < мэдлэгийн өрөө > - Нагуунбилиг
ᠨᠠᠰᠤᠲᠠᠶ᠋ᠢᠴᠤᠳ ᠦ᠋ᠨ ᠪᠣᠬᠢᠨᠢᠲᠤᠯ ᠡᠪᠡᠤᠠᠴᠢᠨ ᠊ᠢ ᠰᠡᠷᠭᠡᠶ᠋ᠢᠯᠡᠨ ᠵᠠᠰᠠᠬᠤ ᠳᠤ ᠠᠩᠬᠠᠷᠬᠤ 《 ᠲᠠᠪᠤᠨ ᠵᠦᠢᠯ ᠪᠠᠶ᠋ᠢᠬᠤ 》 ᠨᠢ ᠶᠠᠭᠤ ᠪᠤᠢ ?
ᠮᠡᠳᠡᠯᠭᠡ ᠶ᠋ᠢᠨ ᠥᠷᠥᠭᠡ
ᠨᠠᠭᠤᠨᠪᠢᠯᠢᠭ᠌
ᠨᠠᠰᠤᠲᠠᠶ᠋ᠢᠴᠤᠳ ᠤ᠋ᠨ ᠪᠤᠬᠢᠨᠢᠳᠤᠯ ᠡᠪᠡᠳᠴᠢᠨ ᠊ᠢ ᠰᠡᠷᠭᠡᠶ᠋ᠢᠯᠡᠨ ᠵᠠᠰᠠᠬᠤ ᠳ᠋ᠤ᠌
ᠠᠩᠬᠠᠷᠬᠤ 《 ᠲᠠᠪᠤᠨ ᠵᠦᠢᠯ ᠪᠠᠶ᠋ᠢᠬᠤ 》 ᠨᠢ ᠶᠠᠭᠤ ᠪᠣᠢ ?
ᠥᠪᠡᠷ ᠦ᠋ᠨ ᠭᠡᠰᠡᠨ ᠭᠡᠷ –– ᠥᠪᠡᠷ ᠦ᠋ᠨ ᠲᠤᠰᠠᠭᠠᠷ ᠴᠢᠯᠥᠭᠡᠲᠦ ᠣᠷᠴᠢᠨ ᠲᠣᠭᠣᠷᠢᠨ ᠪᠠᠶ᠋ᠢᠬᠤ ᠬᠡᠷᠡᠭᠲᠡᠢ᠃
ᠨᠠᠰᠤᠲᠠᠶ᠋ᠢᠴᠤᠳ ᠦᠷ᠎ᠡ ᠬᠡᠦᠬᠡᠳ ᠲᠡᠢ ᠪᠡᠨ ᠬᠠᠮᠲᠤ ᠰᠠᠭᠤᠵᠤ ᠠᠮᠢᠳᠤᠷᠠᠬᠤ ᠪᠣᠯ ᠰᠠᠢᠨ ᠤᠴᠢᠷ ᠂ ᠭᠡᠪᠡᠴᠦ ᠪᠠᠰᠠ ᠥᠪᠡᠷᠲᠡᠭᠡᠨ ᠨᠢᠭᠡᠨ ᠨᠠᠮ ᠵᠢᠮ ᠴᠢᠯᠥᠭᠡᠲᠦ ᠲᠠᠰᠤᠯᠭ᠎ᠠ ᠭᠡᠷ ᠪᠠᠶ᠋ᠢᠪᠠᠯ ᠰᠠᠢᠨ ᠃
ᠥᠪᠡᠷ ᠦ᠋ᠨ ᠭᠡᠰᠡᠨ ᠬᠥᠷᠥᠩᠭᠡ ᠮᠥᠩᠭᠥ –– ᠦᠷ᠎ᠡ ᠬᠡᠦᠬᠡᠳ ᠬᠡᠲᠦᠶ᠋ᠢᠪᠡᠷ ᠡᠯᠪᠡᠷᠢᠯ ᠠᠴᠢᠯᠠᠯᠲᠠᠢ ᠪᠣᠯᠪᠠᠴᠤ ᠨᠠᠰᠤᠲᠠᠶ᠋ᠢᠴᠤᠳ ᠥᠪᠡᠷ ᠦ᠋ᠨ ᠭᠡᠰᠡᠨ ᠬᠥᠷᠥᠩᠭᠡ ᠮᠥᠩᠭᠥ ᠶ᠋ᠢᠨ ᠬᠠᠳᠠᠭᠠᠯᠠᠮᠵᠢ ᠪᠠᠶ᠋ᠢᠪᠠᠯ ᠰᠠᠢᠨ᠂ ᠢᠩᠭᠢᠪᠡᠯ ᠴᠢᠬᠤᠯᠠᠲᠠᠢ ᠦᠶ᠎ᠡ ᠳ᠋ᠦ᠍ ᠪᠠᠴᠢᠮ ᠠᠪᠤᠷᠠᠯᠲᠠ ᠬᠢᠬᠦ ᠳ᠋ᠦ᠍ ᠳᠥᠭᠥᠮ ᠃
ᠥᠪᠡᠷ ᠦ᠋ᠨ ᠭᠡᠰᠡᠨ ᠬᠥᠭᠰᠢᠨ ( ᠡᠪᠦᠭᠡᠨ ) ᠬᠠᠨᠢ ᠪᠠᠶ᠋ᠢᠪᠠᠯ –– ᠡᠪᠦᠭᠡᠨ ᠬᠥᠭᠰᠢᠨ ᠬᠣᠶᠠᠭᠤᠯᠠ ᠬᠠᠷᠢᠯᠴᠠᠨ ᠬᠠᠪᠰᠤᠷᠤᠯᠴᠠᠵᠤ ᠰᠡᠳᠬᠢᠯ ᠦ᠋ᠨ ᠬᠠᠨᠢ ᠲᠠᠢ ᠪᠠᠶ᠋ᠢᠬᠤ ᠨᠢ ᠪᠣᠯ ᠤᠷᠲᠤ ᠨᠠᠰᠤᠯᠠᠵᠤ ᠤᠳᠠᠭᠠᠨ ᠵᠢᠷᠭᠠᠬᠤ ᠶ᠋ᠢᠨ ᠴᠢᠬᠤᠯᠠ ᠨᠥᠬᠥᠴᠡᠯ ᠪᠣᠯᠤᠨ᠎ᠠ ᠃
ᠥᠪᠡᠷ ᠦ᠋ᠨ ᠬᠠᠭᠤᠴᠢᠨ ᠨᠠᠶ᠋ᠢᠵᠠ ᠨᠥᠬᠥᠷ –– ᠨᠠᠰᠤᠲᠠᠶ᠋ᠢᠴᠤᠳ ᠨᠢ ᠬᠠᠭᠤᠴᠢᠨ ᠨᠠᠶ᠋ᠢᠵᠠ ᠨᠥᠬᠥᠳ ᠲᠡᠢ ᠪᠡᠨ ᠶᠠᠪᠤᠯᠴᠠᠪᠠᠯ ᠥᠪᠡᠷ ᠦ᠋ᠨ ᠰᠡᠳᠬᠢᠯᠭᠡ ᠶ᠋ᠢᠨ ᠶᠢᠷᠲᠢᠨᠴᠦ ᠪᠡᠨ ᠥᠷᠭᠡᠳᠬᠡᠵᠦ ᠴᠢᠳᠠᠳᠠᠭ ᠂ ᠡᠨᠡ ᠨᠢ ᠨᠠᠰᠤᠲᠠᠶ᠋ᠢᠴᠤᠳ ᠤ᠋ᠨ ᠥᠨᠥᠴᠢᠨ ᠭᠠᠭᠴᠠᠭᠠᠷᠳᠠᠮᠠᠯ ᠰᠡᠳᠬᠢᠴᠡ ᠶ᠋ᠢᠨ ᠪᠠᠶ᠋ᠢᠴᠠ ᠶ᠋ᠢ ᠰᠢᠢᠳᠪᠦᠷᠢᠯᠡᠬᠦ ᠳ᠋ᠦ᠍ ᠲᠤᠰᠠᠲᠠᠢ ᠃
ᠥᠪᠡᠷ ᠦ᠋ᠨ ᠭᠡᠰᠡᠨ ᠳᠤᠷ᠎ᠠ ᠰᠣᠨᠢᠷᠬᠠᠯᠲᠠᠢ ᠵᠦᠢᠯ –– ᠥᠪᠡᠷ ᠦ᠋ᠨ ᠳᠤᠷ᠎ᠠ ᠰᠣᠨᠢᠷᠬᠠᠯᠲᠠᠢ ᠵᠦᠢᠯ ᠢ᠋ᠶ᠋ᠡᠨ ᠦᠷᠭᠦᠯᠵᠢᠯᠡᠭᠦᠯᠪᠡᠯ ᠨᠠᠰᠤᠲᠠᠢ ᠬᠥᠮᠦᠨ ᠦ᠌ ᠠᠮᠢᠳᠤᠷᠠᠯ ᠊ᠢ ᠪᠠᠶᠠᠯᠢᠭᠵᠢᠭᠤᠯᠤᠨ ᠰᠡᠳᠬᠢᠯ ᠊ᠢ ᠪᠠᠶᠠᠰᠬᠠᠵᠤ ᠢᠳᠡᠪᠬᠢᠵᠢᠭᠦᠯᠵᠦ ᠴᠢᠳᠠᠨ᠎ᠠ ᠃
ᠦᠰᠦᠭ ᠠᠮᠢᠯᠠᠭᠤᠯᠤᠭᠴᠢ ᠄ ᠣᠤᠠᠬᠠᠨᠴᠡᠴᠡᠭ
ᠬᠢᠨᠠᠭᠴᠢ ᠪᠠᠭᠰᠢ ᠄ ᠪᠠᠶᠠᠷᠴᠡᠴᠡᠭ ᠂ ᠯᠢᠶᠠᠩ ᠵᠢᠨ ᠬᠤᠸᠠ
