ᠬᠠᠳᠠᠭᠠᠰᠤ – ᠯ ᠂ ᠣᠳᠽᠠᠷ Хадаас – Л ᠂ Одзар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠳᠠᠭᠠᠰᠤ – ᠯ ᠂ ᠣᠳᠽᠠᠷ Хадаас – Л ᠂ Одзар

ᠬᠠᠳᠠᠭᠠᠰᠤ – ᠯ ᠂ ᠣᠳᠽᠠᠷ Хадаас – Л ᠂ Одзар

2023-05-23

267

ᠬᠠᠳᠠᠭᠠᠰᠤ

           ᠯ · ᠤᠤᠨᠽᠠᠷ 
 ᠲᠤᠷᠭ᠎ᠡ ᠠᠲᠠᠯᠢ ᠬᠦᠬᠡ ᠲᠡᠭᠷᠢ ᠳᠦ ᠬᠢᠯᠠᠯᠵᠠᠬᠤ 
 ᠲᠤᠪᠤᠷᠤᠤ ᠠᠲᠠᠯᠢ ᠮᠦᠩᠭᠦᠨ ᠤᠲᠤᠳ ᠊ᠢ ᠬᠠᠷᠠᠭᠠᠳ 
 ᠲᠤᠭᠲᠠᠵᠤ ᠪᠠᠶ᠋ᠢᠬ᠋᠎ᠠ ᠶᠢᠰᠦᠨ ᠲᠠᠪᠬᠤᠷ ᠰᠠᠨᠰᠠᠷ ᠲᠤ 
 ᠲᠤᠷᠭᠤᠭᠠᠵᠤ ᠲᠠᠯᠪᠢᠬᠰᠠᠨ ᠡᠩᠬᠡ ᠶ᠋ᠢᠨ ᠬᠠᠲᠠᠭᠠᠰᠤ ᠪᠡᠷ ᠰᠠᠨᠠᠯ᠎ᠠ ᠃ 
 ᠲᠠᠰᠠᠮ᠎ᠠ ᠠᠲᠠᠯᠢ ᠨᠤᠭᠤᠭᠠᠨ ᠲᠠᠯ᠎ᠠ ᠳᠦ ᠴᠠᠶ᠋ᠢᠯᠵᠠᠬᠤ 
 ᠲᠠᠨ᠎ᠠ ᠠᠲᠠᠯᠢ ᠮᠤᠩᠭᠤᠯ ᠭᠡᠷ ᠎ᠢᠶᠠᠨ ᠰᠢᠷᠲᠡᠭᠡᠳ 
 ᠲᠠᠷᠬᠠᠵᠤ ᠪᠠᠶ᠋ᠢᠬ᠋᠎ᠠ ᠮᠢᠩᠭᠠᠨ ᠭᠠᠵᠠᠷ ᠦ᠋ᠨ ᠨᠤᠲᠤᠭ ᠊ᠢ
 ᠲᠡᠪᠯᠡᠵᠦ ᠲᠠᠯᠪᠢᠬᠰᠠᠨ ᠮᠦᠩᠬᠡ ᠵᠢᠨ ᠬᠠᠲᠠᠭᠠᠰᠤ ᠪᠡᠷ ᠪᠤᠲᠤᠯ᠎ᠠ ᠃
 ᠤᠲᠤᠨ ᠴᠠᠭᠠᠨ ᠮᠦᠩᠬᠡ ᠶ᠋ᠢᠨ ᠬᠠᠲᠠᠭᠠᠰᠤ ᠦᠭᠡᠢ ᠪᠤᠯ
 ᠤᠭᠲᠠᠷᠭᠤᠢ ᠬᠡᠵᠤ ᠬᠦᠮᠦᠷᠢᠭᠡᠳ ᠲᠤᠷᠤᠭᠰᠢ ᠪᠠᠨ ᠪᠠᠭᠤᠨ᠎ᠠ ᠪᠠᠶ᠋ᠢᠬᠤ ᠡ ᠃
 ᠤᠷᠲᠤᠨ ᠴᠠᠭᠠᠨ ᠡᠩᠬᠡ ᠶ᠋ᠢᠨ ᠬᠠᠲᠠᠭᠠᠰᠤ ᠦᠭᠡᠢ ᠪᠣᠯ
 ᠤᠷᠴᠢᠯᠠᠩ ᠬᠡᠵᠦ ᠬᠦᠷᠪᠡᠭᠡᠳ ᠴᠠᠰᠢ ᠪᠠᠨ ᠶᠠᠪᠤᠨ᠎ᠠ ᠪᠠᠶ᠋ᠢᠬᠤ 
        ᠰᠡᠴᠡᠨ ᠤᠩᠰᠢᠪᠠ
       ᠦᠰᠦᠭ ᠠᠮᠢᠯᠠᠭᠤᠯᠵᠤ  ᠬᠠᠲᠠᠭᠰᠠᠨ ᠨᠢ ᠄  ᠭᠠᠸᠠ
       ᠬᠢᠨᠠᠭᠴᠢ  ᠂ ᠠᠯᠲᠠᠨ ᠠᠭᠤᠯᠠ