ᠴᠠᠰᠤᠨ ᠎ᠡᠴᠡ ᠰᠢᠯᠦᠭ - ᠮ ᠂ ᠠᠰᠠᠷ Цаснаас шүлэг - М ᠂ Асар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠠᠰᠤᠨ ᠎ᠡᠴᠡ ᠰᠢᠯᠦᠭ - ᠮ ᠂ ᠠᠰᠠᠷ Цаснаас шүлэг - М ᠂ Асар

ᠴᠠᠰᠤᠨ ᠎ᠡᠴᠡ ᠰᠢᠯᠦᠭ - ᠮ ᠂ ᠠᠰᠠᠷ Цаснаас шүлэг - М ᠂ Асар

2023-05-23

270

ᠴᠠᠰᠤᠨ ᠎ᠡᠴᠡ ᠰᠢᠯᠦᠭ


              ᠶᠡᠬᠡ ᠴᠠᠰᠤ 

     ᠡᠨᠡ ᠡᠪᠦᠯ ᠦᠨ ᠴᠠᠰᠤ ᠂ ᠡᠷᠲᠡ ᠮᠥᠷᠳᠡᠯ᠎ᠡ ᠪᠡᠨ ᠶᠡᠬᠡ ᠴᠦ᠍ ᠣᠷᠣᠯ᠎ᠠ᠃ 
     ᠴᠣᠬᠣᠮ ᠂ ᠰᠢᠭᠤᠷᠭ᠎ᠠ ᠲᠠᠯᠪᠢᠭᠰᠠᠨ ᠪᠣᠯ  ᠪᠤᠷᠠᠮᠠᠷ ᠪᠠᠢᠭᠰᠠᠨ ᠶᠤᠮ ᠂ ᠲᠤᠯᠢᠶ᠎ᠠ ᠭᠠᠷᠤᠭᠰᠠᠨ ᠪᠣᠯ ᠤᠶᠠᠷᠠᠮᠠᠷ ᠪᠠᠢᠭᠰᠠᠨ ᠶᠤᠮ᠃
     ᠭᠡᠲᠡᠯ᠎ᠡ ᠂ ᠠᠭᠤᠷ ᠠᠮᠢᠰᠬᠤᠯ ᠬᠦᠢᠲᠡᠷᠡᠭᠡᠳ ᠯᠡ ᠂ ᠬᠦᠢᠲᠡᠷᠡᠭᠡᠳ ᠯᠡ ᠂ ᠲᠠᠩᠳᠠ ᠲᠢᠭ᠋ ᠠ᠋ᠴᠠ ᠳᠣᠷᠣᠭᠰᠢ ᠁
     ᠬᠥᠬᠡᠬᠣᠲᠠ ᠳ᠋ᠤ᠌ ᠪᠠᠢᠲᠠᠯ᠎ᠠ ᠡᠢᠮᠦ ᠬᠦᠢᠲᠡᠨ ᠶᠦ᠍ᠮ ᠴᠢᠨᠢ ᠬᠥᠳᠡᠭᠡ ᠨᠤᠲᠤᠭ ᠲᠤ᠌ ᠴᠣᠬᠣᠮ ᠶᠠᠭᠠᠬᠢᠵᠤ ᠪᠠᠢᠭ᠎ᠠ ᠪᠣᠯ?
     ᠬᠥᠷ ᠴᠠᠰᠤ ᠡᠪᠦᠯᠵᠢᠬᠦ ᠯᠡ ᠲᠥᠯᠥᠪᠲᠡᠢ ᠂ ᠬᠥᠮᠦᠨ ᠮᠠᠯ ᠤ᠋ᠨ ᠵᠤᠳ ᠰᠢᠦ  ᠳᠡ ᠃
     ᠪᠠᠢᠭᠠᠯᠢ ᠶ᠋ᠢᠨ ᠳᠠᠪᠲᠠᠯᠲᠠ ᠬᠠᠢᠷ᠎ᠠ ᠨᠠᠢᠷ ᠦᠭᠡᠢ ᠭᠡᠳᠡᠭ ᠪᠢᠯᠢᠤ? 
     ᠲᠡᠷᠡ ᠵᠢᠯ ᠦᠨ ᠶᠡᠬᠡ ᠴᠠᠰᠤ – ᠲᠡᠦᠬᠡᠨ ᠳ᠋ᠦ᠍ ᠦᠭᠡᠢ ᠲᠡᠮᠦᠷ ᠵᠤᠳ ᠢ᠋ ᠠᠷᠠᠢ ᠬᠥᠮᠦᠰ ᠮᠠᠷᠲᠠᠬᠤ ᠪᠣᠯᠤᠭ᠎ᠠ ᠦᠭᠡᠢ ᠪᠢᠵᠡ?  

          ᠤᠰᠤ ᠮᠥᠰᠥᠨ ᠦ᠌ ᠵᠠᠭᠠᠭ 

    – ᠠᠪᠤᠭᠠᠢ ᠲᠠ ᠴᠠᠰᠤ ᠶ᠋ᠢ ᠶᠠᠮᠠᠷ ᠭᠡᠵᠦ ᠦᠵᠡᠨ᠎ᠡ? 
    – ᠶᠠᠭᠤ ? ᠴᠠᠰᠤ ᠴᠢᠨᠢ ᠴᠠᠭᠠᠨ ᠯᠠ ᠪᠠᠢᠳᠠᠭ ᠪᠢᠵᠡ ᠳᠡ᠃ 
    – ᠥᠩᠭᠡ ᠨᠢ ᠴᠠᠭᠠᠨ ᠢ᠋ ᠬᠡᠨ ᠴᠦ᠍ ᠮᠡᠳᠡᠨ᠎ᠡ ᠰᠢᠦ ᠳᠡ᠃  ᠦᠨᠡᠨ ᠳ᠋ᠡᠭᠡᠨ ᠶᠠᠮᠠᠷ ᠢ᠋ ᠨᠢ ᠲᠠᠨ ᠠ᠋ᠴᠠ ᠪᠢ ᠠᠰᠠᠭᠤᠵᠤ ᠪᠠᠢᠨ᠎ᠠ
    – ᠦᠨᠡᠨ ᠳ᠋ᠡᠭᠡᠨ ᠠ᠋
    – ᠤᠰᠤ  ᠤᠤ ? ᠮᠥᠰᠥ ᠦᠦ
    –  ᠤ᠌ᠤ –  ᠤᠰᠤ ᠰᠢᠳᠡ᠃ 
    – ᠭᠡᠬᠦ ᠳ᠋ᠦ᠍ ᠂  ᠬᠦᠢᠲᠡ ᠣᠷᠣᠪᠠᠯ ᠬᠥᠯᠳᠡᠴᠢᠭᠡᠳ ᠮᠥᠰᠥ ᠪᠣᠯᠳᠠᠭ  ᠰᠢᠦ ᠃ 
    – ᠠ – ᠲᠡᠢᠮᠦ ᠂ ᠮᠥᠰᠥ ᠃ 
    – ᠤᠷᠢ ᠣᠷᠣᠪᠠᠯ  ᠤᠶᠠᠷᠠᠴᠢᠬᠠᠭᠠᠳ ᠪᠠᠰᠠ ᠤᠰᠤ ᠪᠣᠯᠳᠠᠭ ᠰᠢᠦ 
    –  ᠵᠠ  – ᠲᠡᠭᠡᠪᠡᠯ ᠤᠰᠤ ᠠ᠋
    – ᠴᠣᠬᠣᠮ ᠤᠰᠤ ᠨᠢ ᠶᠦ᠍ᠮ ᠦᠦ ? ᠮᠥᠰᠥ ᠨᠢ ᠶᠤᠮ ᠦᠦ
    –  ᠴᠣᠬᠣᠮ ᠤᠤᠤᠰᠤ ᠴᠤ᠌ ᠲᠡᠷᠡ ᠂ ᠮᠥᠰᠥ ᠴᠦ᠍ ᠲᠡᠷᠡ ᠪᠠᠢᠯᠭᠦᠢ ᠃ 
    – ᠦᠭᠡᠢ ᠂ ᠲᠠ ᠴᠢᠨᠢ ᠰᠠᠶᠢ ᠤᠰᠤ ᠴᠤ᠌ ᠪᠢᠰᠢ ᠂ ᠮᠥᠰᠥ ᠴᠦ᠍ ᠪᠢᠰᠢ ᠭᠡᠰᠡᠨ ᠪᠢᠰᠢ ᠪᠢᠯᠢᠤ
    – ᠲᠡᠢᠮᠦ ᠠ᠋
    – ᠲᠡᠭᠡᠭᠡᠳ ᠴᠠᠰᠤ ᠶ᠋ᠢ ᠴᠣᠬᠣᠮ ᠶᠠᠮᠠᠷ ᠭᠡᠪᠡᠯ ᠵᠣᠬᠢᠨ᠎ᠠ ᠪᠣᠢ
    – ᠲᠡᠭᠡᠭᠡᠳ ᠦᠦ ? ᠴᠠᠰᠤ ᠶ᠋ᠢ ᠬᠠᠰᠢ ᠯᠠ ᠴᠠᠰᠤ ᠭᠡᠬᠦ ᠶᠤᠮ ᠪᠢᠵᠡ ᠃
    – ᠠᠪᠤᠭᠠᠢ ᠲᠠ ᠮᠥᠨ ᠴᠤ᠌ ᠴᠠᠰᠤ ᠮᠥᠰᠥ ᠰᠢᠭ ᠤᠯᠠᠷᠢᠵᠤ ᠴᠢᠳᠠᠳᠠᠭ ᠬᠥᠮᠦᠨ ᠶᠤᠮ ᠪᠠᠢᠨ᠎ᠠ ᠰᠢᠦ ᠃ 
    – ᠠ ᠴᠢ ᠁ 
    –  ᠵᠠ !  ᠪᠢ ᠮᠡᠳᠡᠴᠢᠭᠰᠡᠨ

         ᠵᠠᠷᠢᠮ ᠳ᠋ᠤᠨᠢ ᠵᠠᠪᠰᠢᠶᠠᠨ 

    – ᠡᠨᠡ ᠴᠠᠰᠤ ᠭᠡᠵᠢ ᠠ᠋ ! ᠡᠪᠦᠭᠡᠨ ᠠᠬ᠎ᠠ ᠮᠢᠨᠢ ᠃ 
    – ᠠ᠋  ᠳᠧ ᠂ ᠠᠮᠠᠷ ᠦᠬᠡᠷ ᠯᠡ ᠪᠠᠢᠬᠤ ᠰᠢᠦ ᠳᠡ ᠂ ᠠᠪᠤᠭᠠᠢ ᠮᠢᠨᠢ ᠃ 
    – ᠶᠠᠭᠤ ᠭᠡᠵᠦ ᠳᠡ᠂ ᠮᠥᠷ ᠮᠥᠰᠬᠢᠵᠦ ᠠᠩ ᠬᠢᠬᠦ ᠳ᠋ᠦ᠍ ᠮᠥᠨ ᠴᠦ᠍  ᠨᠢᠭᠡ ᠣᠯᠳᠠᠰᠢ ᠦᠭᠡᠢ ᠰᠠᠢᠬᠠᠨ ᠵᠠᠪᠰᠢᠶᠠᠨ ᠪᠢᠰᠢᠦ ᠃ 
    – ᠠᠪᠤᠭᠠᠢ ᠮᠢᠨᠢ ᠂ ᠴᠢ  ᠳᠡ ᠂ ᠴᠠᠰᠤ ᠭᠡᠳᠡᠭ ᠴᠢᠨᠢ ᠵᠤᠳ ᠰᠢᠦ  ᠳᠡ ᠃ 
    –  ᠢᠱᠢ ᠳ᠋ᠠ᠂ ᠡᠪᠦᠭᠡᠨ ᠠᠬ᠎ᠠ ᠮᠢᠨᠢ ! ᠡᠨᠡ ᠰᠠᠢᠨ ᠵᠠᠪᠰᠢᠶᠠᠨ ᠢ᠋ ᠠᠯᠳᠠᠪᠠᠯ ᠮᠢᠬ᠎ᠠ ᠴᠦ᠍ ᠦᠭᠡᠢ?  ᠪᠠᠬ᠎ᠠ ᠴᠦ᠍ ᠦᠭᠡᠢ ᠪᠣᠯᠤᠨ᠎ᠠ ᠰᠢᠦ ᠃
    –  ᠠᠶ᠎ – ᠳ᠋ᠠ ᠂ ᠠᠪᠤᠭᠠᠢ ᠮᠢᠨᠢ ! ᠮᠠᠯ ᠢ᠋ᠶ᠋ᠠᠨ ᠬᠠᠶᠠᠭᠠᠳ ᠲᠠᠯ᠎ᠠ ᠪᠠᠷ ᠬᠡᠰᠦᠬᠦ ᠭᠡᠭᠴᠢ ᠳᠡᠮᠡᠢ ᠯᠡ ᠳᠡᠮᠡᠢ ᠃
    –  ᠬᠠᠢ – ᠡᠪᠦᠭᠡᠨ ᠠᠬ᠎ᠠ ᠮᠢᠨᠢ ! ᠳᠡᠭᠦᠦ ᠶ᠋ᠢᠨ ᠢ᠋ᠶ᠋ᠡᠨ ᠭᠠᠨᠵᠤᠭ᠎ᠠ ᠳᠦᠭᠦᠷᠡᠩ ᠤᠯᠠᠢᠲᠠᠢ ᠢᠷᠡᠬᠦ ᠶ᠋ᠢ ᠬᠠᠷᠠᠵᠤ ᠪᠠᠢ ᠃
    –  ᠠᠮᠠᠨ ᠳ᠋ᠤ᠌ ᠴᠢᠨᠢ ᠣᠷᠣᠲᠠᠯ᠎ᠠ ᠪᠠᠰᠠ  ᠠᠷᠪᠢᠨ ᠳᠠᠪᠠᠭ᠎ᠠ ᠪᠣᠢ ᠰᠢᠦ ᠃
    – ᠲᠡᠭᠡᠶ᠎ᠡ ᠯᠡ ᠂ ᠡᠨᠡ ᠰᠠᠢᠬᠠᠨ ᠵᠠᠪᠰᠢᠶᠠᠨ ᠢ᠋ ᠁ 
    –  ᠵᠠ᠂ ᠵᠠ !  ᠴᠢ ᠥᠪᠡᠰᠦᠪᠡᠨ ᠮᠡᠳᠡ  ᠳ᠋ᠠ 
    – ᠁