ᠥᠨᠳᠥᠷᠯᠢᠭ ᠦᠨ ᠥᠩᠭᠡᠲᠦ ᠵᠡᠭᠦᠳᠦ 〈 ᠮᠥᠴᠡᠯᠬᠡ ᠵᠢᠷᠭᠤᠬ᠋᠎ᠠ 〉- ᠲ ᠂ ᠭᠣᠮᠪᠣᠵᠠᠪ Өндөрлөгийн өнгөт зүүд 〈 Мөчлөг зургаа 〉 - Т ᠂ Гомбожав ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠥᠨᠳᠥᠷᠯᠢᠭ ᠦᠨ ᠥᠩᠭᠡᠲᠦ ᠵᠡᠭᠦᠳᠦ 〈 ᠮᠥᠴᠡᠯᠬᠡ ᠵᠢᠷᠭᠤᠬ᠋᠎ᠠ 〉- ᠲ ᠂ ᠭᠣᠮᠪᠣᠵᠠᠪ Өндөрлөгийн өнгөт зүүд 〈 Мөчлөг зургаа 〉 - Т ᠂ Гомбожав

ᠥᠨᠳᠥᠷᠯᠢᠭ ᠦᠨ ᠥᠩᠭᠡᠲᠦ ᠵᠡᠭᠦᠳᠦ 〈 ᠮᠥᠴᠡᠯᠬᠡ ᠵᠢᠷᠭᠤᠬ᠋᠎ᠠ 〉- ᠲ ᠂ ᠭᠣᠮᠪᠣᠵᠠᠪ Өндөрлөгийн өнгөт зүүд 〈 Мөчлөг зургаа 〉 - Т ᠂ Гомбожав

2023-05-23

262

ᠥᠨᠳᠥᠷᠯᠢᠭ ᠦᠨ ᠥᠩᠭᠡᠲᠦ ᠵᠡᠭᠦᠳᠦ 〈 ᠮᠥᠴᠡᠯᠬᠡ ᠵᠢᠷᠭᠤᠬ᠋᠎ᠠ 〉


          ᠪᠣᠭᠲᠠ ᠨᠠᠭᠤᠷ 

 ᠲᠡᠦᠬᠡ ᠶ᠋ᠢᠨ ᠴᠣᠩᠬᠢᠶᠠᠯ 
 ᠲᠩᠷᠢ ᠠᠭᠤᠯᠠ ᠶ᠋ᠢᠨ 
     ᠤᠨᠵᠢᠨ ᠵᠢᠯᠵᠢᠨ ᠂ ᠬᠠᠭᠤᠴᠢ ᠰᠠᠨᠠᠨ ᠮᠡᠯᠮᠡᠷᠡᠬᠦ ᠰᠡᠤᠠᠬᠢᠯ 
 ᠲᠣᠩ ᠨᠢᠭᠤᠴᠠᠬᠠᠢ ᠲᠣᠩ ᠲᠣᠲᠣᠷᠬᠠᠢ ᠡ 

 ᠭᠠᠵᠠᠷ ᠠ᠋ᠴᠠ ᠮᠢᠩᠭᠠᠨ ᠵᠠᠩ ᠥᠨᠲᠥᠷ
 ᠲᠩᠷᠢ ᠡᠴᠡ ᠨᠢᠭᠡ ᠯᠡ ᠬᠤᠷᠤᠭᠤ ᠪᠣᠭᠣᠨᠢ ᠪᠠᠶ᠋ᠢᠷᠢ ᠨᠢ —
 ᠡᠪᠦᠯ ᠵᠤᠨ ᠪ ᠬᠢᠯᠢ
 ᠡᠷᠲᠡ ᠬᠠᠭᠤᠴᠢ ᠬᠢᠭᠡᠳ ᠡᠲᠦᠭᠡ ᠴᠠᠭ ᠦ᠋ᠨ
 ᠡᠷᠭᠢᠴᠡᠭᠦᠯᠦᠯ ᠰᠣᠯᠢᠬᠤ ᠥᠷᠲᠡᠭᠡ ᠪᠢᠯᠡ 

 ᠨᠠᠰᠤ ᠠᠬᠠᠮᠠᠳ ᠦ᠋ᠨ ᠶᠠᠷᠢᠶ᠎ᠠ ᠰᠢᠭ᠋
 ᠨᠠᠷᠠᠨ  ᠳᠦ ᠤᠶᠠᠰᠬᠤ ᠡᠪᠦᠯ ᠦ᠋ᠨ ᠪᠣᠲᠣᠯ ᠡᠨᠲᠡ ᠴᠠᠯᠭᠢᠯᠠᠵᠤ
 ᠨᠠᠷᠠᠰᠤᠨ ᠣᠢ
 ᠬᠠᠲᠠᠳ ᠦ᠋ᠨ ᠰᠢᠭᠤᠢ
 ᠬᠠᠭᠤᠴᠢᠷᠠᠲᠠᠭ ᠦᠭᠡᠢ ᠳᠣᠮᠣᠭ
 ᠬᠡᠵᠢᠶᠡᠲᠡ ᠰᠢᠨᠡᠬᠡᠨ ᠬᠣᠪᠴᠠᠰᠤᠲᠠᠢ ᠬᠥᠬᠡᠷᠡᠨ᠎ᠡ ᠡ 

 ᠳᠣᠯᠭᠢᠶᠠᠨ ᠨᠢ
     ᠬᠠᠶᠠ ᠥᠨᠲᠥᠷ
     ᠬᠠᠶᠠ ᠨᠠᠮ ᠦᠢᠯᠤᠰᠴᠤ
 ᠳᠠᠭᠤᠰᠤᠰᠢ ᠦᠭᠡᠢ ᠨᠢᠭᠡᠨ ᠦᠯᠢᠭᠡᠷ ᠊ᠢ ᠦᠢᠲᠣᠰᠢ ᠦᠭᠡᠢ ᠶᠠᠷᠢᠨ᠎ᠠ 

 ᠡᠨᠲᠡ ᠢᠷᠡᠬᠦ ᠡᠨᠲᠡ ᠡᠴᠡ ᠶᠠᠪᠤᠬᠤ
     ᠬᠥᠮᠦᠨ ᠪᠦᠬᠦᠨ ᠪ ᠳᠤᠷᠠᠳᠬᠠᠯ  ᠳᠦ
 ᠡᠷᠢᠵᠦ ᠣᠯᠬᠤ ᠦᠭᠡᠢ ᠨᠢᠭᠡᠨ ᠰᠠᠷᠠ ᠬᠣᠴᠣᠷᠤᠨ᠎ᠠ ᠡ 

          ᠵᠠᠢ 
                  — ᠦᠷᠦᠮᠴᠢ ᠡᠴᠡ ᠪᠡᠭᠡᠵᠢᠩ ᠬᠦᠷᠲᠡᠯ᠎ᠡ 
                     ᠨᠢᠰᠬᠡᠯ  ᠳᠦ ᠰᠠᠭᠤᠭᠰᠠᠨ  ᠲᠥᠷᠥᠭᠳᠡᠯ 

 ᠦᠷᠦᠮᠴᠢ ᠪᠡᠭᠡᠵᠢᠩ ᠦ᠋ᠨ ᠬᠣᠭᠣᠷᠣᠨᠲᠣ ᠨᠢᠰᠬᠡᠯ ᠵᠣᠭᠰᠣᠨ᠎ᠠ 

 ᠡᠮᠦᠨ᠎ᠡ ᠲᠠᠰᠤᠯᠬ᠋᠎ᠠ ᠥᠭᠡᠲᠡ ᠨᠢ ᠱᠠᠲᠤ ᠠᠪᠠᠷᠢᠵᠤ ᠭᠠᠷᠬᠤ  ᠳᠦ
 ᠥᠷᠤᠮᠴᠢ ᠨᠠᠲᠠ ᠲᠠᠢ ᠭᠠᠷ ᠳᠠᠯᠠᠯᠵᠤ ᠪᠠᠶ᠋ᠢᠯ᠎ᠠ 

 ᠠᠤᠠᠬᠤᠭᠰᠠᠨ ᠨᠣᠮ ᠶ᠋ᠢᠠᠨ ᠲᠠᠯᠪᠢᠬ᠋᠎ᠠ ᠦᠭᠡᠢ
 ᠠᠷᠤ ᠲᠠᠰᠤᠯᠭᠠᠨ ᠪ ᠬᠢᠨᠢ ᠱᠠᠲᠤ ᠪᠠᠷ ᠪᠠᠭᠤᠬᠤ  ᠳᠦ
 ᠠᠷᠠᠳ ‍ᠤᠨ ᠨᠠᠶ᠋ᠢᠰᠯᠡᠯ ᠨᠠᠲᠠ ᠤᠷᠤᠭᠤ
 ᠠᠮᠤᠷ ᠡᠷᠢᠨ ᠮᠡᠨᠲᠦᠴᠢᠯᠡᠵᠦ ᠪᠠᠶ᠋ᠢᠯ᠎ᠠ ᠡ 

         ᠬᠠᠷᠠᠮᠰᠠᠯ 

 ᠪᠠᠶᠠᠨ ᠭᠣᠣᠯ ᠤᠶ᠋ᠢᠷᠠᠬᠠᠨ ᠱᠤᠤᠭᠢᠬᠤ  ᠳᠦ
 ᠪᠠᠭᠤᠲᠠᠯ ᠪᠣᠯ ᠬᠠᠷᠠᠮᠰᠠᠯ 

 ᠪᠠᠶ᠋ᠢᠩᠭᠤ ᠵᠡᠭᠦᠲᠦᠨ ᠳ᠋ᠡᠭᠡᠨ ᠨᠣᠷᠲᠠᠭ ᠡᠨᠡ ᠨᠡᠷ᠎ᠡ ᠡᠴᠡ
 ᠪᠠᠷᠢᠬᠤ ᠠᠯᠲᠠᠭᠰᠠᠨ ᠭᠠᠷ ᠊ᠢ ᠳᠠᠲᠠᠵᠤ
 ᠪᠠᠶᠠᠷᠲᠠᠢ ᠬᠡᠯᠬᠡᠵᠤ  ᠳᠦᠳᠦᠨᠡᠭᠦᠯᠦᠭᠰᠡᠨ ᠪᠢᠯᠸᠲ ᠪᠣᠯ ᠬᠠᠷᠠᠮᠰᠠᠯ 

 ᠡᠭᠡᠵᠦ ᠢᠷᠡᠬᠦ ᠬᠦᠰᠡᠯ ᠦ᠋ᠨ ᠠᠷᠤ  ᠳᠦ
 ᠡᠪᠬᠡᠷᠡᠵᠦ ᠬᠣᠴᠣᠷᠤᠭᠰᠠᠨ ᠮᠠᠨᠠᠨ
 ᠡᠭᠦᠷᠢᠲᠡ ᠰᠢᠩᠭᠡᠷᠡᠬᠦ ᠦᠭᠡᠢ 
 ᠡᠨᠡ ᠤᠲᠠᠬ᠋᠎ᠠ ᠪᠣᠯ ᠬᠠᠷᠠᠮᠰᠠᠯ ! 

ᠵᠠᠯᠠᠭᠤ ᠰᠢᠯᠦᠭᠴᠢᠳ ᠦᠨ ᠴᠣᠪᠣᠷᠠᠯ ᠪᠢᠴᠢᠭ᠌ 
          <  ᠢᠷᠡᠬᠦ ᠵᠠᠭᠤᠨ ᠤ ᠬᠣᠩᠬᠣᠨ ᠳᠠᠭᠤᠨ > ᠎ ᠡᠴᠡ ᠬᠠᠭᠤᠯᠪᠠ᠃

       ᠦᠰᠦᠭ ᠠᠮᠢᠯᠠᠭᠤᠯᠤᠭᠰᠠᠨ ᠨᠢ ᠄  ᠪᠠᠭᠠᠲᠤᠷ 
          ᠬᠢᠨᠠᠭᠴᠢ ᠄  ᠴᠣᠯᠮᠣᠨᠲᠤᠶᠠᠭ᠎ᠠ 
               2023 ᠂ 5 ᠂ 22  ᠪ ᠡᠲᠦᠷ