3-17-18ᠢᠰᠢᠳᠠᠨᠽᠠᠨᠸᠠᠩᠵᠢᠯ ᠦ᠋ᠨ ᠡᠮᠴᠢᠯᠡᠭᠡᠨ ᠦ᠌ ᠵᠣᠷ ᠵᠠᠰᠠᠯ- ᠭᠠᠷᠠᠭ ( ᠰᠠ ) ᠡᠪᠡᠳᠴᠢᠨ᠂ ᠬᠣᠭᠣᠯᠠᠢ ᠬᠠᠭᠠᠭᠳᠠᠬᠤ ᠪᠤ᠋ᠨᠭᠠᠨ ᠡᠪᠡᠳᠴᠢᠨ ᠊ᠢ ᠵᠠᠰᠠᠬᠤ
ᠠᠷᠪᠠᠨ ᠳᠣᠯᠣᠭ᠎ᠠ ᠂ ᠭᠠᠷᠠᠭ ( ᠰᠠ ) ᠡᠪᠡᠳᠴᠢᠨ ᠊ᠢ ᠵᠠᠰᠠᠬᠤ
ᠠᠷᠪᠠᠨ ᠨᠠᠢ᠍ᠮᠠ ᠂ ᠬᠣᠭᠣᠯᠠᠢ ᠬᠠᠭᠠᠭᠳᠠᠬᠤ ᠪᠤ᠋ᠨᠭᠠᠨ ᠡᠪᠡᠳᠴᠢᠨ ᠊ᠢ ᠵᠠᠰᠠᠬᠤ
ᠬᠣᠭᠣᠯᠠᠢ ᠬᠠᠭᠠᠭᠳᠠᠬᠤ ᠪᠤ᠋ᠨᠭᠠᠨ ᠪᠣᠯ ᠭᠣᠣᠯᠳᠠᠭᠤ ᠴᠠᠢ ᠂ ᠠᠷᠢᠬᠢ ᠂ ᠲᠠᠮᠠᠬᠢ ᠲᠡᠷᠢᠭᠦᠲᠡᠨ ᠊ᠢ ᠰᠡᠷᠡᠮᠵᠢ ᠦᠭᠡᠢ ᠬᠡᠳᠦ ᠡᠳ᠋ᠯᠡᠭᠰᠡᠨ ᠬᠢᠭᠡᠳ ᠰᠡᠳᠬᠢᠯ ᠭᠠᠰᠢᠭᠤᠳᠠᠬᠤ ᠂ ᠲᠠᠴᠢᠶᠠᠯᠳᠤᠬᠤ ᠂ ᠰᠢᠯᠡᠭᠡ ᠲᠦᠢᠳᠬᠡᠷ ᠂ ᠪᠤᠵᠠᠷ ᠠ᠋ᠴᠠ ᠡᠭᠦᠰᠬᠦ ᠨᠢ ᠣᠯᠠᠨ ᠪᠠᠶ᠋ᠢᠵᠤ ᠂ ᠠᠨᠠᠭᠠᠭᠳᠠᠬᠤ ᠠᠨᠤ ᠡᠳᠦᠷ ᠦ᠋ᠨ ᠣᠳᠣ ᠮᠡᠲᠦ ᠃ ᠲᠡᠷᠡ ᠡᠪᠡᠳᠴᠢᠨ ᠪᠣᠯᠪᠠᠰᠤᠷᠠᠪᠠᠰᠤ ᠡᠳᠡᠭᠡᠷᠡᠬᠦᠶᠡ ᠪᠡᠷᠬᠡ ᠃ ᠡᠰᠡ ᠪᠣᠯᠪᠠᠰᠤᠷᠠᠭᠰᠠᠨ ᠴᠠᠭ ᠲᠤ᠌ ᠬᠡᠷᠡᠭᠯᠡᠬᠦ ᠡᠮ ᠢᠨᠤ ᠄ ᠰᠸᠪᠥ᠋ᠷᠦ ᠂ ᠰᠦᠭᠮᠸᠯ ᠂ ᠵᠠᠭ᠎ᠠ ᠂ ᠪᠢᠪᠢᠯᠢᠩ ᠂ ᠮᠠᠨᠤ ᠂ ᠦᠰᠦ᠋ ᠂ ᠰᠸᠶᠡᠪ ᠂ ᠵᠦᠷᠦᠷ᠎ᠠ ᠂ ᠳ᠋ᠠᠯᠢ ᠂ ᠪᠠᠩᠵᠠᠨ ᠂ ᠷᠸᠷᠡᠯ ᠂ ᠪᠠᠷᠤᠷ᠎ᠠ ᠂ ᠴᠠᠭᠠᠨ ᠱᠣᠳᠠᠭ ᠂ ᠰᠤᠷᠤᠯᠤ ᠂ ᠶᠸᠷᠮ᠎ᠡ ᠂ ᠳ᠋ᠠᠷᠪᠤ ᠂ ᠤᠳᠪᠠᠯᠠ ᠂ ᠳ᠋ᠤᠮᠷᡁᠢ ᠂ ᠪᠠᠷᠪᠠᠲᠠ ᠂ ᠪᠠᠷᠠᠬᠱᠦᠢ᠍ᠨ ᠂ ᠵᠠᠽᠤᠸᠠ ᠂ ᠷᠤᠨᠲ᠋ᠠᠯ ᠂ ᠪᠦᠱᠸᠯᠽᠸ ᠂ ᠨᠢᠩᠱᠤᠱᠠ ᠂ ᠶᠣᠯᠣ ᠶ᠋ᠢᠨ ᠬᠣᠭᠣᠯᠠᠢ ᠬᠣᠳᠣᠭᠣᠳᠣ ᠂ ᠴᠢᠨᠣ᠎ᠠ ᠶ᠋ᠢᠨ ᠬᠣᠭᠣᠯᠠᠢ ᠬᠣᠳᠣᠭᠣᠳᠣ ᠂ ᠵᠢᠭᠠᠰᠤᠨ ᠮᠢᠬ᠎ᠠ ᠂ ᠰᠠᠢᠨ ᠪᠤᠷᠠᠮ ᠬᠢᠭᠡᠳ ᠠᠷᠤᠷ᠎ᠠ ᠶ᠋ᠢ ᠡᠷᠬᠢᠯᠡᠨ ᠦᠢᠯᠡᠳᠬᠦ ᠬᠡᠷᠡᠭᠲᠡᠢ ᠃ ᠪᠤᠰᠤᠳ ᠊ᠢ ᠨᠢ ᠬᠤᠪᠢ ᠲᠠᠭᠰᠢ ᠪᠠᠷ ᠨᠠᠶ᠋ᠢᠷᠠᠭᠤᠯᠤᠬᠰᠠᠨ ᠦᠨᠳᠦᠰᠦ —30 ᠡᠮ ᠊ᠢ ᠰᠠᠶ᠋ᠢᠲᠤᠷ ᠰᠢᠷᠭᠡᠭᠰᠡᠨ ᠬᠠᠯᠠᠭᠤᠨ ᠤᠰᠤ ᠪᠠᠷ ᠳᠠᠷᠤᠭᠤᠯᠵᠤ ᠣᠯᠠᠨᠲᠠ ᠰᠢᠲᠦᠭᠦᠯ ᠃ ᠠᠷᠢᠬᠢ ᠂ ᠮᠢᠬ᠎ᠠ ᠂ ᠰᠣᠩᠭᠢᠨ᠎ᠠ ᠂ ᠰᠠᠷᠢᠮᠰᠠᠭ ᠂ ᠢᠯᠵᠢᠷᠡᠭᠰᠡᠨ ᠲᠦᠯᠡᠭᠲᠡᠭᠰᠡᠨ ᠂ ᠲᠦᠭᠦᠬᠡᠢ ᠢᠳᠡᠭᠡᠨ ᠪᠠ ᠡᠳᠦᠷ ᠤᠨᠲᠠᠬᠤ ᠂ ᠲᠠᠴᠢᠶᠠᠯ ᠶᠠᠪᠤᠳᠠᠯ ᠊ᠢ ᠰᠠᠶ᠋ᠢᠲᠤᠷ ᠲᠡᠪᠴᠢᠬᠦ ᠬᠡᠷᠡᠭᠲᠡᠢ ᠪᠥᠭᠡᠳ ᠲᠠᠪᠤᠨ ᠷᠠᠰᠢᠶᠠᠨ ᠤ᠋ ᠳᠡᠪᠲᠦᠭᠡᠯ ᠰᠠᠢᠨ ᠲᠤᠯᠠ ᠨᠢᠭᠡ ᠰᠠᠷ᠎ᠠ ᠰᠢᠲᠦᠭᠦᠯᠪᠡᠯ ᠮᠠᠭᠠᠳ ᠠᠨᠠᠭᠠᠨ ᠴᠢᠳᠠᠬᠤ ᠳᠡᠩᠰᠡᠯ ᠦᠭᠡᠢ ᠤᠪᠠᠳᠢᠰ ᠪᠣᠯᠠᠢ ᠃ ᠮᠠᠨᠤ —4 ᠦ᠌ ᠳᠠᠩ ᠊ᠢ ᠬᠠᠶᠠ ᠨᠢᠭᠡ ᠦᠭᠪᠡᠰᠦ ᠰᠠᠢᠨ ᠃ ᠪᠠᠰᠠ ᠬᠥᠮᠦᠨ ᠦ᠌ ᠬᠤᠶ᠋ᠢᠲᠤᠬᠢ ᠳᠣᠲᠣᠷᠠᠬᠢ ᠬᠥᠬᠥᠨ ᠲᠣᠯᠣᠭᠠᠢ ᠮᠡᠲᠦ ᠶ᠋ᠢ ᠠᠪᠤᠭᠠᠳ ᠰᠡᠭᠦᠳᠡᠷ ᠲᠦ᠍ ᠬᠠᠲᠠᠭᠠᠵᠤ ᠲᠠᠯᠬᠠᠯᠠᠨ ᠤᠰᠤ ᠪᠠᠷ ᠳᠠᠷᠤᠭᠤᠯᠪᠠᠰᠤ ᠭᠠᠶ᠋ᠢᠬᠠᠮᠰᠢᠬ ᠃ ᠡᠰᠡ ᠪᠥᠭᠡᠰᠦ ᠮᠣᠩᠭᠣᠯ ᠨᠡᠷ᠎ᠡ ᠪᠡᠷ ᠮᠠᠩᠭᠢᠰᠤᠨ ᠮᠢᠬ᠎ᠠ ᠶᠠᠰᠤ ᠶ᠋ᠢ ᠴᠢᠨᠠᠵᠤ ᠢᠳᠡᠪᠡᠰᠦ ᠮᠠᠰᠢ ᠰᠠᠢᠨ ᠃ ᠪᠠᠰᠠ ᠴᠠᠭᠠᠨ ᠱᠣᠳᠠᠭ ᠂ ᠨᠣᠮᠣᠬᠠᠳᠬᠠᠭᠰᠠᠨ ᠵᠣᠩᠰᠢ ᠂ ᠨᠢᠵᠡᠭᠡᠳ ᠭᠤᠷᠪᠠᠨ ᠭᠡᠮ ᠊ᠢ ᠴᠠᠭᠠᠨ ᠬᠣᠨᠢᠨ ᠤ᠋ ᠬᠠᠯᠠᠭᠤᠨ ᠰᠢᠭᠡᠰᠦ ᠪᠡᠷ ᠳᠠᠷᠤᠭᠤᠯᠪᠠᠰᠤ ᠬᠣᠭᠣᠯᠠᠢ ᠬᠠᠭᠠᠭᠳᠠᠬᠤ ᠶ᠋ᠢ ᠠᠷᠢᠯᠭᠠᠨ᠎ᠠ ᠃
ᠰᠥᠰᠥ ᠪᠠ ᠢᠳᠡᠭᠡᠨ ᠢ᠋ᠶ᠋ᠡᠷ ᠪᠥᠭᠡᠯᠵᠢᠪᠡᠰᠦ ᠂ ᠶᠡᠷᠦ ᠶ᠋ᠢᠨ ᠡᠮ ᠢᠨᠤ ᠂ ᠴᠠᠭᠠᠨ ᠲᠤᠲᠤᠷᠭ᠎ᠠ1 ᠯᠠᠩ ᠠ᠋ᠴᠠ ᠬᠠᠭᠠᠰ ᠊ᠢ ᠬᠠᠭᠤᠷᠠᠨ ᠂ ᠬᠠᠭᠠᠰ ᠊ᠢ ᠲᠦᠭᠦᠬᠡᠢ ᠂ ᠮᠥᠰᠥᠨ ᠰᠢᠬᠢᠷ ᠂ ᠴᠠᠭᠠᠨ ᠰᠦᠭᠮᠸᠯ2 ᠴᠢᠨ ᠊ᠢ ᠨᠠᠶ᠋ᠢᠷᠠᠭᠤᠯᠤᠬᠰᠠᠨ ᠳᠠᠩ ᠊ᠢ ᠪᠤᠴᠠᠯᠭᠠᠵᠤ ᠬᠠᠯᠠᠭᠤᠨ ᠤᠤᠭᠤᠪᠠᠰᠤ ᠪᠥᠭᠡᠯᠵᠢᠬᠦ ᠪᠦᠬᠦᠨ ᠳ᠋ᠦ᠍ ᠲᠤᠰᠠᠯᠠᠬᠤ ᠶ᠋ᠢ ᠠᠮᠲᠠᠰᠢᠯᠠᠨ ᠪᠦᠲᠦᠪᠡᠢ ᠃
ᠦᠰᠦᠭ ᠠᠮᠢᠯᠠᠭᠤᠯᠤᠭᠰᠠᠨ ᠨᠢ ᠄ ᠦᠯᠵᠡᠶ᠋ᠢᠪᠠᠭᠠᠲᠤᠷ
ᠬᠢᠨᠠᠭᠰᠠᠨ ᠨᠢ ᠄ ᠤᠤᠠᠬᠠᠨᠰᠤ᠎ᠡ
