ᠠᠮᠢᠲᠤᠷᠠᠯ ᠢᠷᠡᠭᠡᠲᠦᠢ ᠶ᠋ᠢᠨ ᠠᠯᠲᠠᠨ ᠨᠠᠷᠠ ᠠᠮᠢ ᠨᠠᠰᠤᠨ ᠪ ᠵᠢᠷᠭᠠᠯ ᠦ᠋ᠨ ᠡᠵᠢ – ᠡᠷᠲᠡᠨᠢᠬᠤᠸᠠᠷ Амьдрал ирээдүйн алтан нар амь насны жаргалын ээж – Эрдэнэхуар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠮᠢᠲᠤᠷᠠᠯ ᠢᠷᠡᠭᠡᠲᠦᠢ ᠶ᠋ᠢᠨ ᠠᠯᠲᠠᠨ ᠨᠠᠷᠠ ᠠᠮᠢ ᠨᠠᠰᠤᠨ ᠪ ᠵᠢᠷᠭᠠᠯ ᠦ᠋ᠨ ᠡᠵᠢ – ᠡᠷᠲᠡᠨᠢᠬᠤᠸᠠᠷ Амьдрал ирээдүйн алтан нар амь насны жаргалын ээж – Эрдэнэхуар

ᠠᠮᠢᠲᠤᠷᠠᠯ ᠢᠷᠡᠭᠡᠲᠦᠢ ᠶ᠋ᠢᠨ ᠠᠯᠲᠠᠨ ᠨᠠᠷᠠ ᠠᠮᠢ ᠨᠠᠰᠤᠨ ᠪ ᠵᠢᠷᠭᠠᠯ ᠦ᠋ᠨ ᠡᠵᠢ – ᠡᠷᠲᠡᠨᠢᠬᠤᠸᠠᠷ Амьдрал ирээдүйн алтан нар амь насны жаргалын ээж – Эрдэнэхуар

2023-05-22

250

ᠠᠮᠢᠲᠤᠷᠠᠯ ᠢᠷᠡᠭᠡᠲᠦᠢ ᠶ᠋ᠢᠨ ᠠᠯᠲᠠᠨ ᠨᠠᠷᠠ ᠠᠮᠢ ᠨᠠᠰᠤᠨ ᠪ ᠵᠢᠷᠭᠠᠯ ᠦ᠋ᠨ ᠡᠵᠢ

  
                    ᠡᠷᠲᠡᠨᠢᠬᠤᠸᠠᠷ

          ᠵᠢᠷᠭᠠᠯ ᠦ᠋ᠨ ᠡᠵᠢ

 ᠠᠯᠠᠭ ᠬᠣᠷᠸ᠋᠎ᠠ ᠳ᠋ᠦ᠍ ᠪᠢ ᠠᠪᠤ ᠡᠵᠢ ᠶ᠋ᠢᠨ ᠶ᠋ᠢᠡᠨ
 ᠠᠮᠢᠨ ᠡᠷᠲᠡᠨᠢ ᠨᠢ ᠪᠣᠯᠵᠤ ᠵᠠᠶᠠᠭᠠᠭᠰᠠᠨ
 ᠠᠷᠬᠠᠭ ᠡᠪᠡᠤᠠᠴᠢᠨ ᠪ ᠤᠷᠰᠢᠬ ᠠ᠋ᠴᠠ
 ᠠᠮᠢᠲᠤᠷᠠᠯ ᠦ᠋ᠨ ᠰᠠᠶ᠋ᠢᠬᠠᠨ ᠶ᠋ᠢᠠᠨ ᠠᠯᠲᠠᠭᠰᠠᠨ ᠬᠥᠮᠦᠨ ᠶᠤᠮ ᠃

 ᠠᠮᠢᠲᠤ ᠶᠠᠪᠤᠬᠤ ᠬᠦᠰᠡᠯ ᠶ᠋ᠢᠡᠨ ᠣᠷᠬᠢᠵᠤ 
 ᠠᠲᠠᠭ ᠮᠠᠭᠤ ᠪᠣᠲᠣᠯ ᠶ᠋ᠢᠠᠷ ᠪᠡᠶ᠎ᠡ ᠪᠡᠨ ᠬᠦᠯᠢᠶᠡᠰᠦᠯᠡᠵᠦ
 ᠠᠶᠤᠯ ᠵᠣᠪᠠᠯᠠᠩ ᠦ᠋ᠨ ᠭᠦᠨ ᠳ᠋ᠦ᠍ ᠵᠢᠪᠴᠦ 
 ᠡᠲᠦᠷ ᠶ᠋ᠢᠡᠷ ᠬᠠᠷᠠᠩᠭᠤᠢ ᠶᠠᠪᠤᠵᠤ ᠪᠠᠶ᠋ᠢᠬᠰᠠᠨ ᠃

 ᠲᠡᠭᠰᠢᠬᠡᠨ ᠵᠠᠮ ᠪᠠᠶ᠋ᠢᠬᠰᠠᠨ ᠴᠦ᠍
 ᠡᠩᠬᠦᠯ ᠳᠣᠩᠬᠣᠯ ᠰᠠᠨᠠᠭᠲᠠᠵᠤ
 ᠲᠩᠷᠢ ᠶ᠋ᠢᠨ ᠨᠠᠷᠠ ᠭᠡᠷᠡᠯᠲᠦᠭᠰᠡᠨ ᠴᠦ᠍
 ᠲᠦᠨᠡᠷ ᠬᠠᠷᠠᠩᠭᠤᠢ ᠪᠣᠲᠣᠭᠲᠠᠲᠠᠭ ᠃

 ᠠᠯᠠᠭ ᠬᠣᠶᠠᠷ ᠨᠢᠲᠦ ᠪᠦᠯᠲᠡᠶ᠋ᠢᠵᠦ ᠪᠠᠶ᠋ᠢᠬᠰᠠᠨ ᠴᠦ᠍
 ᠠᠯᠢᠪᠠ ᠪᠦᠬᠦᠨ ᠪᠦᠲᠡᠬᠢ ᠬᠠᠷᠠᠭᠲᠠᠲᠠᠭ
 ᠠᠯᠤᠰ ᠢᠷᠡᠭᠡᠲᠦᠢ ᠰᠠᠷᠠᠭᠤᠯᠬᠠᠨ ᠪᠠᠶ᠋ᠢᠬᠰᠠᠨ ᠴᠦ᠍
 ᠠᠮᠢ ᠪᠠᠨ ᠬᠣᠣᠷᠯᠠᠬᠤ ᠶ᠋ᠢ ᠰᠠᠨᠠᠲᠠᠭ ᠪᠠᠶ᠋ᠢᠬᠰᠠᠨ ᠃

 ᠭᠠᠷ ᠴᠡᠴᠡᠷᠡᠨ ᠭᠠᠭᠴᠠᠭᠠᠷ ᠶ᠋ᠢᠠᠨ ᠡᠵᠡᠭᠥᠶ᠋ᠢᠷᠡᠨ
 ᠭᠠᠰᠠᠯᠠᠩ ᠦ᠋ᠨ ᠳᠠᠯᠠᠢ ᠳ᠋ᠦ᠍ ᠣᠷᠣᠴᠢᠬᠠᠭᠰᠠᠨ ᠰᠢᠭ᠋
 ᠨᠢᠲᠦ ᠪᠥᠷᠲᠥᠯᠵᠡᠨ ᠨᠢᠭᠦᠯ ᠣᠶ᠋ᠢᠷᠠᠤᠠᠬᠤ ᠰᠢᠭ᠋
 ᠨᠢᠯᠪᠤᠰᠤᠨ ᠳ᠋ᠠᠭᠠᠨ ᠲᠡᠪᠲᠦᠭᠰᠡᠨ ᠴᠠᠭ ᠪᠠᠶ᠋ᠢᠬᠰᠠᠨ ᠃

 ᠠᠵᠠ ᠶ᠋ᠢᠨ ᠲᠩᠷᠢ ᠨᠠᠮᠠᠶ᠋ᠢ ᠢᠪᠡᠭᠡᠵᠦ
 ᠠᠴᠢᠲᠤ ᠡᠮᠴᠢ ᠶ᠋ᠢᠨ ᠰᠡᠤᠠᠬᠢᠴᠡ ᠵᠠᠰᠠᠯ ᠊ᠢ ᠬᠦᠯᠢᠶᠡᠯ᠎ᠡ
 ᠠᠯᠲᠠᠨ ᠳᠡᠯᠡᠬᠡᠢ ᠶ᠋ᠢᠨ ᠬᠣᠪᠣᠷᠬᠠᠨ ᠵᠠᠢ  ᠳ᠋ᠦ᠍
 ᠠᠮᠢᠲᠤ ᠶᠠᠪᠤᠬᠤ ᠲᠠᠪᠢᠯᠠᠩ ᠲᠠᠢ ᠪᠠᠶ᠋ᠢᠵᠠᠢ ᠪᠢ ᠃

 ᠣᠨᠴᠠ ᠡᠮᠨᠡᠯᠭᠡ ᠶ᠋ᠢᠨ ᠨᠢᠭᠤᠴᠠ ᠬᠦᠴᠦᠨ
 ᠣᠶᠤᠨ ᠪᠢᠯᠢᠭ ᠊ᠢ ᠮᠢᠨᠢ ᠰᠡᠷᠭᠦᠭᠡᠵᠦ
 ᠤᠬᠠᠭᠠᠨ ᠰᠠᠨᠠᠬ᠋᠎ᠠ ᠶ᠋ᠢ ᠮᠢᠨᠢ ᠰᠠᠷᠠᠭᠤᠯᠵᠢᠭᠤᠯᠵᠤ
 ᠤᠷᠰᠢᠬ ᠡᠪᠡᠤᠠᠴᠢᠨ ᠡᠴᠡ ᠰᠠᠯᠭᠠᠯ᠎ᠠ ᠃

 ᠡᠪᠡᠤᠠᠴᠢᠨ ᠵᠣᠪᠠᠯᠠᠩ  ᠳ᠋ᠦ᠍ ᠣᠷᠢᠶᠠᠭᠲᠠᠭᠰᠠᠨ 
 ᠡᠪᠡᠷᠰᠢᠶᠡᠯᠡᠵᠥ ᠰᠢᠨᠠᠯᠤᠭᠰᠠᠨ ᠲᠡᠷᠡ ᠴᠠᠭ ᠲᠤ
 ᠡᠷᠡᠭᠦᠯ ᠮᠡᠨᠲᠦ ᠶ᠋ᠢᠨ ᠡᠭᠡᠯᠢᠲᠦ ᠨᠠᠷᠠ ᠶ᠋ᠢ
 ᠡᠪᠴᠢᠭᠦᠦ ᠴᠡᠭᠡᠵᠢᠨ  ᠳ᠋ᠦ᠍ ᠮᠢᠨᠢ ᠭᠡᠷᠡᠯᠲᠦᠭᠦᠯᠦᠭᠰᠡᠨ ᠃

 ᠰᠡᠤᠠᠬᠢᠯ ᠦ᠋ᠨ ᠭᠤᠨᠢᠬ ᠊ᠢ ᠠᠷᠢᠯᠭᠠᠵᠤ
 ᠰᠡᠷᠭᠦᠯᠡᠩ ᠤᠬᠠᠭᠠᠨ ᠊ᠢ ᠣᠯᠭᠣᠭᠰᠠᠨ
 ᠬᠠᠲᠠᠭᠤ ᠲᠠᠷᠴᠢᠯᠠᠭᠠᠯ ᠠ᠋ᠴᠠ ᠰᠠᠯᠭᠠᠵᠤ 
 ᠬᠠᠪᠤ ᠴᠡᠩᠭᠡᠯ ᠊ᠢ ᠡᠳ᠋ᠯᠡᠭᠦᠯᠦᠭᠰᠡᠨ  ᠃

 ᠨᠠᠶ᠋ᠢᠷᠰᠠᠭ ᠳᠠᠭᠤᠤ ᠬᠥᠭᠵᠢᠮ  ᠳ᠋ᠦ᠍ ᠴᠢᠨᠢ 
 ᠪᠠᠶᠠᠰᠬᠤ ᠦᠭᠡᠢ ᠬᠥᠮᠦᠨ ᠦᠭᠡᠢ 
 ᠨᠠᠨᠲᠢᠨ ᠬᠠᠶ᠋ᠢᠷ᠎ᠠ ᠶ᠋ᠢ ᠴᠢᠨᠢ ᠬᠦᠷᠲᠡᠭᠰᠡᠨ ᠪᠦᠬᠦᠨ
 ᠵᠢᠷᠭᠠᠬᠤ ᠦᠭᠡᠢ ᠬᠥᠮᠦᠨ ᠦᠭᠡᠢ ᠃

 ᠠᠭᠤᠤ ᠶᠡᠬᠡ ᠪᠢᠯᠢᠭ ᠤᠬᠠᠭᠠᠨ ᠊ᠢ ᠴᠢᠨᠢ 
 ᠢᠲᠡᠭᠡᠬᠦ ᠦᠭᠡᠢ ᠬᠥᠮᠦᠨ ᠦᠭᠡᠢ
 ᠠᠷᠢᠭᠤᠨ ᠴᠠᠶ᠋ᠢᠯᠭᠠᠨ ᠥᠷᠥᠰᠢᠶᠡᠩᠭᠦᠢ ᠰᠡᠤᠠᠬᠢᠯ ᠳ᠋ᠦ᠍ ᠴᠢᠨᠢ
 ᠳᠣᠭᠳᠣᠯᠬᠤ ᠦᠭᠡᠢ ᠬᠥᠮᠦᠨ ᠦᠭᠡᠢ ᠃

 ᠠᠯᠮᠠᠰ ᠴᠢᠩᠬ᠋᠎ᠠ ᠵᠣᠷᠢᠬ ᠊ᠢ ᠴᠢᠨᠢ 
 ᠪᠢᠰᠢᠷᠡᠬᠦ ᠦᠭᠡᠢ ᠬᠥᠮᠦᠨ ᠦᠭᠡᠢ 
 ᠠᠰᠤᠷᠤ ᠮᠡᠷᠭᠡᠨ ᠢᠲᠡᠭᠡᠯ ᠬᠦᠰᠡᠯ ᠴᠢᠨᠢ
 ᠪᠡᠶᠡᠯᠡᠬᠦ ᠦᠭᠡᠢ ᠪᠠᠶ᠋ᠢᠬᠤ ᠶᠣᠰᠣ ᠦᠭᠡᠢ ᠃

 ᠴᠡᠯᠡᠭᠡᠷ ᠲᠠᠯ᠎ᠠ ᠪᠠᠨ ᠰᠢᠭ᠋ ᠠᠭᠤᠵᠢᠮ ᠴᠡᠭᠡᠵᠢ ᠲᠡᠢ
 ᠴᠡᠩᠬᠡᠷ ᠲᠩᠷᠢ ᠪᠠᠨ ᠰᠢᠭ᠌ ᠠᠷᠢᠭᠤᠨ ᠰᠠᠨᠠᠬ᠋᠎ᠠ ᠲᠠᠢ
 ᠬᠠᠪᠤᠷ ᠦ᠋ᠨ ᠤᠷᠢᠬᠠᠨ ᠰᠢᠭ᠋ ᠵᠥᠭᠡᠯᠡᠨ ᠰᠡᠤᠠᠬᠢᠯ ᠲᠡᠢ
 ᠬᠠᠮᠤᠭ ᠊ᠢ ᠡᠨᠡᠷᠢᠬᠦ ᠨᠢᠭᠦᠯᠡᠰᠦᠩᠭᠦᠢ ᠬᠠᠷᠠᠴᠠ ᠲᠠᠢ ᠃
 ᠡᠨᠡ ᠬᠥᠮᠦᠨ ᠪᠣᠯ ᠮᠣᠩᠭᠣᠯ ᠬᠥᠮᠦᠨ 
 ᠡᠷᠢᠨ ᠴᠠᠭ ᠦ᠋ᠨ ᠵᠢᠷᠭᠠᠯ ᠦ᠋ᠨ ᠡᠵᠢ 
 ᠡᠩᠬᠡ ᠠᠮᠤᠭᠤᠯᠠᠩ ᠦ᠋ᠨ ᠲᠦᠯᠬᠢᠭᠦᠷ ᠦ᠋ᠨ ᠡᠵᠡᠨ
 ᠡᠭᠡᠯ ᠠᠷᠠᠳ ᠦ᠋ᠨ ᠠᠴᠢᠲᠠᠨ ᠨᠠᠭᠤᠨ ᠡᠮᠴᠢ ᠡ !

     ᠦᠰᠦᠭ ᠠᠮᠢᠯᠠᠭᠤᠯᠤᠭᠴᠢ ᠄ ᠣᠤᠠᠬᠠᠨᠴᠡᠴᠡᠭ
       ᠬᠢᠨᠠᠭᠴᠢ ᠪᠠᠭᠰᠢ ᠄  ᠣᠶᠤᠨᠭᠡᠷᠡᠯ ᠂ ᠭᠠᠷᠮ᠎ᠡ ᠂  ᠰᠡᠬᠡᠭᠡᠷᠡᠯ