ᠦᠯᠢᠭᠡᠷ ᠰᠢᠭ᠌ ᠦᠨᠡᠨ ᠪ ᠨᠤᠳᠤᠭ - ᠲ ᠂ ᠬᠥᠬᠡᠤ᠋ᠴᠢ Үлгэр шиг үнэний нутаг - Т ᠂ Хөхоч
ᠦᠯᠢᠭᠡᠷ ᠰᠢᠭ᠌ ᠦᠨᠡᠨ ᠪ ᠨᠤᠳᠤᠭ
ᠲ ᠂ ᠬᠦᠬᠡᠤ᠋ᠴᠢ
ᠲᠤᠭᠯᠠᠵᠤ ᠦᠰᠦᠭᠰᠡᠨ ᠬᠦᠮᠦᠨ ᠠᠷᠠᠳ ᠨᠢ ᠮᠠᠯᠵᠢᠬᠤ ᠰᠤᠶᠤᠯ ᠲᠠᠢ
ᠲᠡᠦᠬᠡᠯᠡᠵᠦ ᠤᠯᠠᠷᠢᠭᠰᠠᠨ ᠤᠰᠤ ᠰᠢᠷᠤᠢ ᠨᠢ ᠮᠦᠩᠬᠡᠷᠡᠬᠦ ᠶᠢᠨ ᠵᠠᠶᠠᠭ᠎ᠠ ᠲᠠᠢ
ᠭᠠᠵᠠᠷ ᠲᠡᠭᠡᠷ᠎ᠡ ᠨᠢ ᠨᠡᠷ᠎ᠡ ᠪᠡᠨ ᠦᠯᠡᠳᠡᠭᠡᠬᠦ ᠳᠦ ᠬᠠᠷᠠᠴᠤ ᠴᠤᠯᠠ ᠲᠠᠢ
ᠭᠠᠯᠪᠠ ᠶᠡᠭᠦᠷᠡᠬᠦ ᠦᠭᠡᠢ ᠴᠠᠭ ᠲᠤ ᠪᠠᠯᠠᠷᠠᠬᠤ ᠦᠭᠡᠢ ᠮᠢᠨᠳᠠᠰᠤᠨ ᠦᠯᠦᠭᠡᠢ
ᠬᠤᠳᠠ ᠪᠠᠯᠭᠠᠰᠤᠨ ᠪ ᠬᠢᠨ ᠡᠨᠡ ᠭᠠᠵᠠᠷ ᠢ ᠬᠦᠳᠡᠭᠡ ᠭᠡᠵᠦ ᠬᠡᠯᠡᠳᠡᠭ
ᠬᠤᠨᠤᠭ ᠪᠤᠯᠭᠠᠨ ᠳ᠋ᠠᠭᠠᠨ ᠡᠵᠡᠳ ᠨᠢ ᠨᠤᠳᠤᠭ ᠢᠶ᠋ᠡᠨ ᠭᠡᠵᠦ ᠵᠡᠭᠦᠳᠦᠯᠡᠳᠡᠭ ᠃
ᠪᠦᠭᠦᠳᠡ ᠨᠠᠶ᠋ᠢᠷᠠᠮᠳᠠᠬᠤ ᠤᠯᠤᠰ ᠤᠨ ᠦᠨᠳᠦᠰᠦᠨ ᠱᠠᠳᠤ ᠮᠢᠨᠤ ᠤᠷᠴᠢᠨ
ᠪᠦᠭᠦᠳᠡᠭᠡᠷ ᠨᠠᠶ᠋ᠢᠷᠠᠮᠳᠠᠬᠤ ᠶᠤᠰᠤᠳᠠᠢ ᠨᠢ ᠦᠨᠳᠦᠰᠦ ᠨᠢᠭᠡᠳᠠᠢ ᠮᠢᠨᠤ ᠠᠷᠠᠳ ᠂
ᠨᠠᠷᠠ ᠰᠠᠷᠠᠨ ᠪ ᠭᠡᠷᠡᠯ ᠬᠤᠷᠮᠤᠶ᠋ᠢᠯᠠᠭᠰᠠᠨ ᠡᠩᠭᠡᠷ ᠬᠡᠮᠡᠨ
ᠲᠦᠷᠦ ᠲᠠᠮᠨᠠᠨ ᠂ ᠵᠠᠭᠤᠨ ᠲᠠᠮᠵᠢᠭᠰᠠᠨ
ᠨᠠᠮ ᠵᠠᠰᠠᠭ ᠲᠠᠭᠠᠨ ᠰᠢᠳᠤᠷᠭᠤ ᠦᠨᠡᠨ ᠪ ᠲᠡᠭᠷᠢ ᠬᠡᠮᠡᠨ
ᠵᠠᠯᠪᠢᠷᠠᠵᠤ ᠰᠦᠭᠦᠳᠦᠨ ᠂ ᠵᠠᠶ᠋ᠢᠯᠠᠵᠤ ᠦᠷᠦᠰᠢᠶᠡᠭᠰᠡᠨ
ᠪᠠᠶ᠋ᠢᠭ᠎ᠠ ᠯᠠ ᠡᠨᠡ ᠨᠤᠳᠤᠭ ᠤᠨ ᠠᠯᠳᠠᠷ ᠢᠶ᠋ᠡᠷ
ᠨᠡᠷ᠎ᠡ ᠪᠡᠨ ᠴᠢᠮᠡᠭᠰᠡᠨ ᠴᠠᠭ ᠨᠢ ᠦᠩᠭᠡᠷᠡᠵᠦ
ᠪᠠᠶᠠᠷ ᠭᠤᠨᠢᠭ ᠰᠡᠬᠡᠯ ᠮᠦᠬᠦᠯ ᠲᠠᠢ
ᠲᠤᠭᠤᠯᠤᠭᠰᠠᠨ ᠮᠦᠷ ᠦᠨ ᠵᠢᠮ᠎ᠡ ᠨᠢ ᠠᠯᠳᠠᠷᠠᠵᠤ
ᠴᠦᠯ ᠦᠨ ᠲᠠᠭᠤᠯᠠᠯ ᠠᠭᠠᠷ ᠲᠤ ᠨᠢ ᠰᠡᠮᠬᠡᠨ ᠵᠠᠮᠬᠠᠷᠠᠭᠰᠠᠨ
ᠭᠤᠤᠯ ᠤᠨ ᠬᠠᠶ᠋ᠢᠷᠠᠲᠠᠢ ᠦᠯᠢᠭᠡᠷ ᠰᠢᠭ᠌ ᠦᠨᠡᠨ ᠪ ᠨᠤᠳᠤᠭ ᠮᠢᠨᠢ ᠃
ᠤᠷᠳᠤ ᠶᠢᠨ ᠲᠠᠭᠤᠤ ᠂ ᠮᠤᠷᠢᠨ ᠬᠤᠭᠤᠷ ᠨᠢ ᠮᠥᠩᠬᠡ ᠶ᠋ᠢᠨ ᠤᠶᠠᠩᠭ᠎ᠠ ᠲᠠᠢ
ᠤᠯᠠᠮᠵᠢᠯᠠᠯᠳᠤ ᠮᠠᠯᠵᠢᠯ ᠂ ᠲᠧᠭᠨᠢᠭ ᠮᠡᠷᠭᠡᠵᠢᠯ ᠨᠢ ᠮᠦᠨ ᠬᠦ᠋ ᠬᠡᠪ ᠲᠡᠭᠡᠨ
ᠤᠶᠠᠬᠠᠨ ᠰᠡᠳᠬᠢᠯ ᠨᠠᠰᠤᠨ ᠪᠠᠭ᠎ᠠ ᠳ᠋ᠤᠨᠢ ᠪᠦᠭᠦᠳᠡ ᠳᠦ ᠠᠳᠠᠯᠢᠬᠠᠨ ᠰᠢᠩᠭᠡᠭᠰᠡᠨ
ᠠᠯᠳᠠᠷᠳᠠᠨ ᠬᠦᠴᠦᠲᠡᠨ ᠪ ᠵᠢᠭᠦᠷ ᠨᠢ ᠪᠥᠷᠢᠳᠴᠦ ᠪᠦᠬᠡᠵᠢᠭᠰᠡᠨ ᠤᠷᠤᠨ ᠂
ᠤᠨ ᠴᠠᠭ ᠤᠨ ᠡᠯᠡᠭᠳᠡᠯ ᠳᠤ ᠨᠡᠷ᠎ᠡ ᠪᠡᠨ ᠬᠡᠴᠢᠨᠡᠨ ᠬᠠᠯᠠᠭᠰᠠᠨ ᠴᠤ᠌
ᠠᠰᠢᠳᠠ ᠶᠢᠨ ᠨᠡᠶ᠋ᠢᠭᠡᠮ ᠵᠢᠷᠤᠮ ᠢᠶ᠋ᠠᠨ ᠪᠠᠶ᠋ᠢᠭᠤᠯᠵᠤ ᠬᠦᠭᠵᠢᠭᠦᠯᠦᠭᠰᠡᠨ ᠨᠤᠳᠤᠭ ᠂
ᠤᠷᠴᠢᠯᠠᠨᠭ᠌ ᠤᠨ ᠨᠠᠷᠠᠨ ᠪ ᠰᠠᠴᠤᠷᠠᠭ ᠬᠦᠷᠦᠰᠦ ᠪᠤᠯᠭᠠᠨ ᠳ᠋ᠤᠨᠢ ᠲᠤᠰᠴᠤ ᠶᠠᠳᠠᠮ᠎ᠠ
ᠤᠭᠳᠠᠷᠭᠤᠢ ᠪᠠᠷ ᠬᠠᠯᠢᠬᠤ ᠪᠦᠷᠭᠦᠳ ᠬᠦᠨᠳᠡᠯᠡᠨ ᠲᠤᠭᠤᠯᠬᠤ ᠳᠤ ᠡᠷᠴᠢ ᠴᠤᠴᠠᠮ᠎ᠠ
ᠲᠡᠭᠷᠢ ᠶᠢᠨ ᠴᠡᠭᠡᠯ ᠡᠴᠡ ᠪᠤᠶᠠᠨ ᠰᠢᠪᠰᠢᠭᠰᠡᠨ ᠬᠤᠷ᠎ᠠ ᠴᠢᠭᠢᠭ ᠨᠢ ᠲᠤᠨᠳᠠᠷᠠᠰᠢ ᠦᠭᠡᠢ
ᠲᠢᠪ ᠦᠨ ᠴᠡᠩᠭᠡᠯ ᠡᠴᠡ ᠵᠢᠷᠭᠠᠯ ᠰᠢᠯᠢᠭᠰᠡᠨ ᠬᠤᠪᠢ ᠲᠠᠢ ᠠᠷᠠᠳ ᠨᠢ ᠮᠦᠬᠦᠰᠢ ᠦᠭᠡᠢ
ᠰᠠᠨᠠᠭᠠᠨ ᠪ ᠵᠦᠭ ᠲᠡᠭᠡᠨ ᠮᠡᠯᠮᠡᠯᠵᠡᠭᠰᠡᠨ ᠤᠷᠤᠰᠬᠠᠯᠳᠤ ᠭᠤᠤᠯ ᠨᠢ ᠭᠠᠵᠠᠷ ᠤᠨ ᠠᠶᠠᠯᠭᠤ
ᠮᠠᠨᠠᠭᠠᠨ ᠪ ᠤᠳᠤᠳ ᠢᠶ᠋ᠡᠨ ᠲᠤᠯᠭᠠᠭᠤᠷᠢᠯᠠᠭᠰᠠᠨ ᠰᠠᠷᠢᠳᠠᠭ ᠤᠷᠭᠢᠯ ᠨᠢ ᠲᠡᠯᠡᠬᠡᠢ ᠶᠢᠨ ᠨᠢᠳᠦ
ᠲᠠᠭᠤᠯᠠᠬᠤ ᠳᠤ ᠰᠢᠷᠤᠩᠬᠠᠢ ᠨᠢ ᠴᠤᠤᠷᠢᠶᠠᠳᠤᠳᠠᠭ ᠮᠤᠩᠭᠤᠯ ᠤᠨ ᠲᠠᠯ᠎ᠠ ᠨᠡᠯᠦᠢᠢᠭᠰᠡᠠ ᠴᠡᠯᠡᠭᠡᠷ
ᠲᠤᠭᠳᠤᠯᠠᠬᠤ ᠳᠤ ᠬᠠᠶ᠋ᠢᠷ᠎ᠠ ᠨᠢ ᠪᠤᠴᠠᠯᠤᠳᠠᠭ ᠲᠦᠮᠡᠨ ᠪ ᠰᠡᠳᠬᠢᠯ ᠨᠠᠯᠠᠶ᠋ᠢᠭᠰᠠᠨ ᠴᠠᠶ᠋ᠢᠯᠭᠠᠨ
ᠬᠦᠷᠦᠰᠦ ᠨᠢ ᠲᠠᠴᠢᠷᠰᠢᠵᠤ ᠡᠯᠡᠰᠦ ᠨᠢ ᠴᠠᠶ᠋ᠢᠷᠠᠬᠤ ᠳᠤ ᠮᠠᠷᠳᠠᠵᠤ ᠴᠢᠳᠠᠬᠤ ᠦᠭᠡᠢ ᠠᠯᠳᠠᠭ᠎ᠠ ᠮᠢᠨᠢ !
ᠬᠦᠮᠦᠨ ᠨᠢ ᠤᠬᠠᠭᠠᠷᠠᠵᠤ ᠡᠯᠢᠭᠡ ᠨᠢ ᠲᠡᠪᠳᠦᠬᠦ ᠳᠦ ᠮᠠᠭᠳᠠᠵᠤ ᠴᠢᠳᠠᠬᠤ ᠦᠭᠡᠢ ᠵᠠᠶᠠᠭ᠎ᠠ ᠮᠢᠨᠢ !
ᠨᠠᠰᠤ ᠪᠠᠷ ᠢᠶ᠋ᠡᠨ ᠤᠷᠤᠰᠢᠨ᠎ᠠ ᠭᠡᠬᠦ ᠳᠦ
ᠨᠢᠯᠪᠤᠰᠤᠨ ᠳᠠᠭᠠᠨ ᠪᠦᠷᠳᠦᠯᠵᠡᠬᠦ ᠨᠢᠳᠦᠨ ᠪ ᠮᠢᠨᠢ
ᠣᠶ᠋ᠢᠷ᠎ᠠ ᠠᠴᠠ ᠬᠠᠷᠠᠭᠰᠠᠨ ᠲᠡᠯᠡᠬᠡᠢ ᠮᠢᠨᠢ !
ᠴᠢᠰᠤ ᠪᠠᠷ ᠢᠶ᠋ᠡᠨ ᠦᠪᠯᠡᠨᠡ ᠭᠡᠬᠦ ᠳᠦ
ᠴᠤᠬᠢᠯᠭ᠎ᠠ ᠨᠢ ᠲᠦᠷᠭᠡᠰᠬᠦ ᠵᠢᠷᠦᠬᠡᠨ ᠪ ᠮᠢᠨᠢ
ᠬᠤᠯᠠ ᠠᠴᠠ ᠰᠠᠨᠠᠭᠰᠠᠨ ᠦᠯᠦᠭᠡᠢ ᠮᠢᠨᠢ ᠡ !
ᠬᠦᠯᠦᠭ ᠦᠨ ᠢᠶ᠋ᠡᠨ ᠰᠢᠨᠳᠠᠰᠤ ᠶᠢ ᠰᠤᠷᠢ ᠭᠡᠵᠦ
ᠲᠡᠭᠡᠳᠦᠰ ᠦᠨ ᠮᠢᠨᠢ ᠦᠯᠡᠳᠡᠭᠡᠭᠰᠡᠨ ᠠᠯᠳᠠᠨ ᠲᠡᠪᠢᠰᠭᠡᠷ ᠠᠭᠤᠳᠠᠮ ᠢᠶ᠋ᠡᠷ ᠢᠶ᠋ᠡᠨ
ᠬᠦᠮᠦᠨ ᠪ ᠪᠠᠨ ᠡᠪ ᠢ ᠪᠡᠬᠢᠯᠡ ᠭᠡᠵᠦ
ᠲᠤᠯᠭ᠎ᠠ ᠪᠠᠷ ᠢᠶ᠋ᠡᠨ ᠵᠠᠭᠪᠤᠷᠢᠯᠠᠭᠰᠠᠨ ᠭᠠᠯ ᠲᠠᠢ ᠰᠤᠷᠭᠠᠯ ᠢ ᠮᠠᠨᠠᠭᠰᠠᠨ ᠶᠤᠮ ᠃
ᠲᠠᠪᠤᠨ ᠮᠦᠰᠦ ᠪᠡᠷ ᠨᠢᠭᠳᠠᠷᠠᠯ ᠵᠦᠢᠷᠯᠡᠭᠰᠡᠨ ᠴᠤᠤᠳᠠᠢ ᠦᠯᠢᠭᠡᠷ ᠪᠠᠶ᠋ᠢᠳᠠᠭ ᠶᠤᠮ ᠂
ᠲᠠᠪᠤᠨ ᠲᠢᠪ ᠲᠦ ᠮᠦᠷ ᠢᠶ᠋ᠠᠨ ᠦᠯᠡᠳᠡᠭᠡᠭᠰᠡᠨ ᠰᠤᠳᠤᠷ ᠲᠡᠦᠬᠡ ᠪᠠᠶ᠋ᠢᠳᠠᠭ ᠶᠤᠮ ᠃
ᠲᠠᠪᠤᠨ ᠬᠤᠰᠢᠭᠤᠳᠤ ᠦᠰᠭᠡᠵᠦ ᠣᠨᠳᠣᠷᠤᠭᠤᠯᠤᠭᠰᠠᠨ ᠮᠠᠯᠴᠢᠨ ᠪᠠᠰᠠ ᠪᠠᠶ᠋ᠢᠬᠤ ᠶᠤᠮ ᠂
ᠲᠠᠪᠤᠨ ᠮᠢᠩᠭᠠᠨ ᠢᠶ᠋ᠡᠷ ᠪᠠᠳᠤ ᠰᠠᠬᠢᠭᠰᠠᠨ ᠮᠤᠩᠭᠤᠯ ᠮᠦᠨ ᠪᠠᠶ᠋ᠢᠬᠤ ᠶᠤᠮ ᠃
ᠲᠠᠭᠤᠤ ᠰᠤᠨᠤᠰᠤᠭᠠᠳ ᠤᠶ᠋ᠢᠳᠬᠠᠷ ᠰᠡᠷᠭᠦᠬᠦ ᠦᠭᠡᠢ
ᠲᠤᠭᠤᠢ ᠰᠠᠭᠤᠭᠠᠳ ᠤᠬᠠᠭᠠᠨ ᠰᠡᠶ᠋ᠢᠷᠡᠭᠵᠢᠬᠦ ᠦᠭᠡᠢ
ᠭᠤᠮᠤᠳᠠᠬᠤ ᠪᠠᠶᠠᠷᠯᠠᠬᠤ ᠶᠢ ᠮᠡᠳᠡᠳᠡᠭ ᠴᠤ᠌ ᠦᠭᠡᠢ
ᠭᠤᠶᠤ ᠳᠠᠭᠠᠨ ᠲᠤᠯᠳᠠᠯ᠎ᠠ ᠦᠯᠢᠭᠡᠷ ᠲᠠᠢ ᠨᠤᠳᠤᠭ ᠂
ᠠᠮᠢᠳᠤᠷᠠᠵᠤ ᠡᠩᠬᠡ ᠶᠢᠨ ᠭᠤᠯᠤᠮᠳᠠ ᠪᠠᠨ ᠪᠠᠳᠠᠷᠠᠭᠠᠬᠤ ᠳᠤ
ᠤᠪᠤᠭᠠᠨ ᠰᠦᠯᠳᠡ ᠳᠡᠭᠡᠨ ᠲᠠᠭᠠᠳᠬᠠᠭᠰᠠᠨ
ᠤᠨᠠᠭᠰᠠᠨ ᠰᠢᠷᠤᠢ ᠲᠡᠭᠡᠳᠦᠰ ᠦᠨ ᠰᠦᠨᠡᠰᠦ ᠲᠠᠢ ᠂
ᠢᠳᠡᠭᠡᠯ ᠡᠨᠡ !
ᠠᠯᠳᠠᠵᠤ ᠮᠦᠩᠭᠦᠨ ᠤᠳᠤ ᠰᠢᠭ᠋ ᠬᠠᠷᠪᠤᠬᠤ ᠳᠤ
ᠰᠢᠷᠬᠡᠭ ᠡᠪᠡᠰᠦ ᠪᠡᠨ ᠴᠤ ᠨᠠᠨᠳᠢᠩᠨᠠᠭᠰᠠᠨ
ᠤᠤᠭᠤᠭᠰᠠᠨ ᠤᠰᠤ ᠷᠠᠰᠢᠶᠠᠨ ᠰᠢᠮ᠎ᠡ ᠲᠠᠢ ᠂
ᠢᠷᠤᠭᠡᠯ ᠡᠨᠡ !
ᠬᠦᠯᠦᠭ ᠮᠢᠨᠢ ᠤᠶᠠᠭᠠᠨ ᠳᠠᠭᠠᠨ ᠡᠮᠡᠭᠡᠯ ᠲᠠᠢ ᠪᠠᠶ᠋ᠢᠬᠤ ᠪᠠᠷ
ᠲᠤᠪᠳᠤᠯᠬᠤ ᠳᠤ ᠬᠤᠷᠢᠭᠯᠠᠰᠢ ᠦᠭᠡᠢ
ᠵᠤᠷᠢᠭ ᠢᠶ᠋ᠡᠷ ᠢᠶ᠋ᠡᠨ ᠡᠷᠡᠮᠡᠬᠡᠢ ᠂
ᠵᠢᠳᠬᠦᠯ ᠡᠨᠡ !
ᠰᠢᠯᠦᠭ ᠮᠢᠨᠢ ᠤᠬᠠᠭᠠᠨ ᠳᠠᠭᠠᠨ ᠨᠤᠳᠤᠭ ᠲᠠᠢ ᠪᠠᠶ᠋ᠢᠬᠤ ᠪᠠᠷ
ᠤᠶᠠᠩᠭᠠᠯᠠᠬᠤ ᠳᠤ ᠲᠠᠪᠳᠠᠰᠢ ᠦᠭᠡᠢ
ᠰᠡᠷᠡᠯ ᠢᠶ᠋ᠡᠷ ᠢᠶ᠋ᠡᠨ ᠭᠦᠨᠵᠡᠭᠡᠢ ᠂
ᠪᠠᠬᠠᠷᠬᠠᠯ ᠡᠨᠡ !
ᠬᠠᠷᠠᠬᠠᠨ ᠪᠡᠶ᠎ᠡ ᠶᠢᠨ ᠮᠢᠨᠢ ᠠᠩᠭᠢᠷ ᠦᠯᠦᠭᠡᠢ
ᠪᠤᠷᠤᠬᠠᠨ ᠵᠢᠷᠦᠬᠡᠨ ᠪ ᠮᠢᠨᠢ ᠠᠭᠤᠰᠤᠯ ᠶᠤᠮ
ᠬᠠᠶ᠋ᠢᠷ᠎ᠠ ᠳ᠋ᠠ ᠬᠡᠮᠡᠨ ᠪᠠᠳᠤ ᠢᠳᠡᠭᠡᠭᠡᠷᠡᠢ !
ᠬᠠᠷᠠᠶᠤ ᠳ᠋ᠠ ᠬᠡᠮᠡᠨ ᠨᠢᠳᠦ ᠲᠠᠯᠪᠢᠭᠠᠷᠠᠢ !
ᠦᠰᠦᠭ ᠠᠮᠢᠯᠠᠭᠤᠯᠤᠭᠴᠢ ᠄ ᠰᠠᠷᠠᠭᠤᠨ
ᠬᠢᠨᠠᠭᠴᠢ ᠄ ᠣᠳᠬᠠᠨᠰᠤ᠎ᠡ
