ᠬᠠᠢᠷ᠎ᠠ ᠶᠢᠨ ᠣᠴᠢ - ᠮ ᠂ ᠠᠰᠠᠷ Хайрын оч - М ᠂ Асар
ᠬᠠᠢᠷ᠎ᠠ ᠶᠢᠨ ᠣᠴᠢ
ᠨᠤᠲᠤᠭ ᠤ᠋ᠨ ᠰᠠᠯᠬᠢ
ᠮᠢᠨᠦ ᠨᠤᠲᠤᠭ ᠤ᠋ᠨ ᠰᠠᠯᠬᠢ ᠮᠢᠨᠳᠠᠰᠤ ᠭᠡᠮᠡᠷ ᠵᠥᠭᠡᠯᠡᠨ᠃
ᠪᠠᠯᠴᠢᠷ ᠪᠠᠭ᠎ᠠ ᠨᠠᠰᠤᠨ ᠳ᠋ᠠᠭᠠᠨ ᠪᠢᠯᠡ ᠂ ᠬᠥᠯ ᠳ᠋ᠦ᠍ ᠣᠷᠣᠵᠤ ᠬᠥᠰᠡᠷ ᠭᠢᠰᠬᠢᠵᠦ ᠰᠤᠷᠤᠮᠠᠭᠴᠠ ᠪᠠᠨ ᠪᠠᠶᠠᠷᠯᠠᠬᠤ ᠶ᠋ᠢᠨ ᠶᠡᠬᠡ ᠪᠡᠷ ᠪᠠᠶᠠᠷᠯᠠᠵᠤ ᠂ ᠪᠠᠭᠠᠲᠤᠷ ᠪᠣᠯᠴᠢᠬᠠᠭᠰᠠᠨ ᠰᠢᠭ᠋ ᠬᠥᠭᠡᠷᠦᠭᠡᠳ ᠂ ᠪᠠᠨᠳᠡᠷ ᠪᠠᠨᠳᠡᠷ ᠭᠦᠶᠦᠵᠦ ᠪᠠᠢᠭᠰᠠᠭᠠᠷ ᠴᠠᠬᠢᠯᠳᠠᠭ ᠤ᠋ᠨ ᠪᠤᠲᠠ ᠳ᠋ᠤ᠌ ᠪᠦᠳᠦᠷᠢᠭᠡᠳ ᠬᠡᠴᠢᠨᠡᠨ ᠴᠦ᠍ ᠣᠢᠴᠢᠵᠤ ᠪᠠᠢᠪᠠ ᠳᠠ ᠃
ᠪᠣᠰᠴᠤ ᠴᠢᠳᠠᠬᠤ ᠦᠭᠡᠢ ᠪᠣᠷᠣᠯᠠᠵᠤ ᠬᠡᠪᠲᠡᠭᠡᠳ ᠪᠣᠩ ᠭᠠᠷᠭᠠᠨ ᠤᠬᠢᠯᠠᠵᠤ ᠪᠠᠢᠬᠤ ᠳ᠋ᠤ᠌ ᠮᠢᠨᠢ ᠂ ᠨᠤᠲᠤᠭ ᠤ᠋ᠨ ᠮᠢᠨᠢ ᠠᠷᠢᠭᠤᠨ ᠰᠠᠯᠬᠢ ᠰᠡᠷ ᠰᠡᠷ ᠰᠡᠪᠢᠯᠵᠡᠩᠭᠡᠨ ᠢᠷᠡᠭᠡᠳ ᠄
《 ᠬᠥᠭᠡᠷᠦᠬᠦᠢ ᠮᠢᠨᠢ ᠂ ᠪᠣᠰᠤᠭᠠᠴᠢ ! ᠬᠥᠯ ᠲᠡᠢ ᠶᠤᠮᠰᠢᠭ ᠵᠣᠭᠰᠣᠵᠤ ᠂ ᠬᠥᠮᠦᠨ ᠦ᠌ ᠵᠡᠷᠭᠡ ᠳ᠋ᠦ᠍ ᠥᠰᠦᠭᠡᠴᠢ !》ᠭᠡᠵᠦ ᠪᠤᠷᠵᠢᠭᠢᠷ ᠦᠰᠦ ᠶ᠋ᠢ ᠮᠢᠨᠢ ᠢᠯᠢᠵᠦ ᠂ ᠪᠣᠨᠲᠣᠭᠣᠷ ᠬᠠᠴᠠᠷ ᠢ᠋ ᠮᠢᠨᠢ ᠦᠨᠦᠰᠬᠦ ᠰᠢᠭ ᠪᠣᠯᠬᠤ ᠨᠢ ᠡᠮᠡᠭᠡ ᠮᠢᠨᠢ ᠢᠷᠡᠭᠡᠳ ᠢᠯᠢᠪᠡᠦ ? ᠡᠬᠡ ᠮᠢᠨᠢ ᠢᠷᠡᠭᠡᠳ ᠦᠨᠦᠰᠪᠡᠦ ? ᠭᠡᠮᠡᠷ ᠶᠤᠮ ᠃
ᠲᠡᠭᠡᠬᠦ ᠪᠡᠷ ᠨᠢ ᠪᠢ ᠴᠢᠨᠢ ᠨᠢᠰᠦ ᠪᠡᠨ ᠲᠡᠳᠡᠨ ᠥᠨᠳᠡᠢᠵᠦ ᠂ ᠨᠢᠯᠪᠤᠰᠤ ᠪᠠᠨ ᠠᠷᠴᠢᠨ ᠪᠣᠰᠤᠭᠠᠳ ᠂ ᠲᠡᠰᠬᠦ ᠪᠡᠷ ᠢ᠋ᠶ᠋ᠡᠨ ᠲᠡᠰᠴᠦ ᠪᠠᠢᠪᠠᠴᠤ ᠂ ᠲᠣᠬᠣᠢ ᠪᠠᠨ ᠨᠤᠬᠤᠯᠠᠨ ᠱᠤᠤᠬᠢᠨᠠᠵᠤ ᠂ ᠡᠪᠦᠳᠦᠭ ᠢ᠋ᠶ᠋ᠡᠨ ᠳᠠᠷᠤᠯᠠᠨ ᠪᠤᠬᠠᠨᠠᠬᠤ ᠳ᠋ᠤ᠌ ᠂ ᠨᠤᠲᠤᠭ ᠤ᠋ᠨ ᠮᠢᠨᠢ ᠵᠥᠭᠡᠯᠡᠨ ᠰᠠᠯᠬᠢ ᠡᠭᠡᠭᠡᠳ ᠄
《 ᠬᠦᠦ ᠮᠢᠨᠢ ᠂ ᠭᠡᠳᠡᠢᠭᠡᠴᠢ ! ᠨᠢᠷᠤᠭᠤ ᠲᠠᠢ ᠶᠤᠮᠰᠢᠭ ᠬᠠᠨᠠᠢᠲᠠᠯᠠ ᠵᠣᠭᠰᠣᠵᠤ ᠂ ᠨᠤᠲᠤᠭ ᠢ᠋ᠶ᠋ᠠᠨ ᠪᠠᠶᠠᠰᠬᠠᠨ ᠭᠢᠯᠠᠯᠵᠠᠲᠠᠯ᠎ᠠ ᠠᠯᠬᠤᠭᠠᠴᠢ ! 》 ᠭᠡᠵᠦ ᠮᠠᠩᠨᠤᠭ ᠲᠣᠷᠭᠠᠨ ᠠᠯᠴᠢᠭᠤᠷ ᠢ᠋ᠶ᠋ᠠᠷ ᠮᠠᠩᠨᠠᠢ ᠥᠭᠡᠳᠡ ᠮᠢᠨᠢ ᠢᠯᠪᠢᠬᠦ ᠰᠢᠭ ᠪᠣᠯᠬᠤ ᠨᠢ ᠡᠪᠦᠭᠡ ᠮᠢᠨᠢ ᠢᠷᠡᠭᠡᠳ ᠡᠷᠭᠦᠪᠡᠦ ? ᠡᠴᠢᠭᠡ ᠮᠢᠨᠢ ᠢᠷᠡᠭᠡᠳ ᠲᠡᠳᠬᠦᠪᠡᠦ ? ᠭᠡᠮᠡᠷ ᠶᠤᠮ ᠃ ᠲᠡᠭᠡᠬᠦ ᠪᠡᠷ ᠨᠢ ᠪᠢ ᠴᠦ᠍ ᠬᠥᠮᠥᠭᠡᠢ ᠪᠡᠨ ᠵᠠᠭᠤᠵᠤ ᠂ ᠬᠥᠮᠥᠰᠬᠡ ᠪᠡᠨ ᠵᠠᠩᠭᠢᠳᠤᠭᠠᠳ ᠭᠠᠷ ᠰᠠᠵᠢᠨ ᠠᠯᠬᠤᠭᠰᠠᠭᠠᠷ ᠭᠠᠵᠠᠷ ᠳᠣᠷᠭᠢᠲᠠᠯ᠎ᠠ ᠭᠦᠶᠦᠴᠢᠳᠡᠭ ᠰᠠᠨ ᠁
ᠡᠦᠲᠦ ᠪᠣᠳᠣᠪᠠᠯ ᠂ ᠲᠡᠷᠡ ᠴᠠᠭ ᠠ᠋ᠴᠠ ᠯᠠ ᠡᠬᠢᠯᠡᠵᠦ 《 ᠡᠬᠡ ᠪᠡᠨ ᠭᠡᠪᠡᠯ ᠨᠤᠲᠤᠭ ᠢ᠋ᠶ᠋ᠠᠨ 》 ᠭᠡᠳᠡᠭ ᠨᠢᠭᠡᠨ ᠪᠣᠳᠣᠯ ᠮᠢᠨᠦ ᠤᠭᠤᠷᠠᠭ ᠲᠠᠷᠢᠬᠢᠨ ᠳ᠋ᠤ᠌ ᠭᠡᠷᠡᠯᠲᠦᠨ ᠲᠣᠰᠴᠤ ᠂ ᠣᠶᠤᠨ ᠰᠠᠩ ᠳ᠋ᠤ᠌ ᠬᠣᠨᠣᠭᠰᠢᠨ ᠰᠠᠭᠤᠭᠰᠠᠨ ᠠᠵᠢ ᠃
ᠬᠠᠴᠠᠷ ᠤ᠋ᠨ ᠨᠢᠯᠪᠤᠰᠤ ᠶ᠋ᠢ ᠬᠠᠲᠠᠭᠠᠵᠤ ᠂ ᠬᠠᠢᠷ᠎ᠠ ᠶ᠋ᠢᠨ ᠣᠴᠢ ᠶ᠋ᠢ ᠳᠦᠷᠡᠯᠵᠡᠭᠦᠯᠵᠦ ᠦᠭᠭᠦᠭᠰᠡᠨ ᠨᠤᠲᠤᠭ ᠤ᠋ᠨ ᠮᠢᠨᠢ ᠡᠶᠡᠪᠡᠷᠭᠦᠦ ᠰᠠᠯᠬᠢ ᠠ᠋ ! ᠡᠴᠢᠭᠡ ᠶ᠋ᠢᠨ ᠮᠢᠨᠢ ᠥᠬᠦᠭᠡᠷᠳᠡᠩᠭᠦᠢ ᠢᠯᠪᠢᠯᠲᠡ ᠂ ᠡᠵᠢ ᠶ᠋ᠢᠨ ᠮᠢᠨᠢ ᠡᠨᠡᠷᠢᠩᠭᠦᠢ ᠦᠨᠦᠰᠦᠯᠲᠡ ᠠ᠋ !
ᠨᠤᠲᠤᠭ ᠤ᠋ᠨ ᠡᠪᠡᠰᠦ
1
ᠬᠢᠶᠠᠭ᠂ ᠬᠢᠯᠭᠠᠨ᠎ᠠ ᠂ ᠠᠭᠢ ᠂ ᠳᠠᠭᠠᠨ᠎ᠠ ᠁ ᠨᠡᠷ᠎ᠡ ᠳᠠᠭᠤᠳᠠᠯᠭ᠎ᠠ ᠨᠢ ᠠᠳᠠᠯᠢ ᠦᠭᠡᠢ ᠃
ᠥᠨᠳᠥᠷ ᠂ ᠣᠭᠳᠣᠷ ᠂ ᠥᠷᠭᠡᠨ ᠂ ᠨᠠᠷᠢᠨ ᠁ ᠤᠷᠭᠤᠴᠠ ᠬᠡᠮᠵᠢᠶ᠎ᠡ ᠨᠢ ᠢᠵᠢᠯᠢ ᠪᠤᠰᠤ ᠃
ᠭᠡᠶ᠎ᠡ ᠯᠡ ᠂ ᠪᠦᠭᠦᠳᠡᠭᠡᠷ ᠢ᠋ᠶ᠋ᠡᠨ ᠲᠠᠯ᠎ᠠ ᠶ᠋ᠢᠨ ᠡᠪᠡᠰᠦᠨ ᠤ ᠲᠥᠷᠥᠯ ᠂ ᠲᠠᠩᠰᠤᠭ ᠪᠡᠯᠴᠢᠭᠡᠷ ᠤᠨ ᠤᠷᠭᠤᠮᠠᠯ ᠃
2
ᠨᠤᠲᠤᠭ ᠤ᠋ᠨ ᠰᠢᠷᠣᠢ ᠶ᠋ᠢᠨ ᠢᠳᠡ ᠪᠡᠷ ᠦᠨᠳᠦᠰᠦ ᠬᠣᠯᠪᠣᠨ ᠣᠷᠭᠣᠭᠠᠳ ᠂ ᠨᠠᠷᠠ ᠬᠤᠷ᠎ᠠ ᠶ᠋ᠢᠨ ᠢᠪᠡᠭᠡᠯ ᠢ᠋ᠶ᠋ᠡᠷ ᠥᠩᠭᠡ ᠨᠡᠢᠯᠡᠭᠦᠯᠦᠨ ᠬᠠᠯᠢᠭᠤᠷᠠᠳᠠᠭ ᠃
ᠬᠠᠪᠤᠷ ᠵᠤᠨ ᠳ᠋ᠠᠭᠠᠨ ᠬᠢᠯᠢᠩ ᠲᠣᠷᠭ᠎ᠠ ᠂ ᠨᠠᠮᠤᠷ ᠡᠪᠦᠯ ᠳ᠋ᠡᠭᠡᠨ ᠠᠯᠲᠠᠨ ᠬᠣᠷᠭᠣᠢ ᠃
ᠪᠦᠷ ᠯᠡ ᠂ ᠥᠯᠥᠭᠡᠢ ᠨᠤᠲᠤᠭ ᠤ᠋ᠨ ᠢ᠋ᠶ᠋ᠠᠨ ᠴᠢᠮᠡᠭ ᠂ ᠥᠩᠰᠢᠭ ᠬᠥᠷᠥᠰᠥᠨ ᠦ᠌ ᠪᠡᠨ ᠬᠤᠶᠠᠭ ᠃
3
ᠬᠠᠪᠰᠠᠷᠭ᠎ᠠ ᠵᠤᠳ ᠤ᠋ᠨ ᠡᠷᠡᠨ ᠳ᠋ᠦ᠍ ᠰᠠᠵᠢᠯᠠᠵᠤ ᠭᠠᠩᠬᠤᠬᠤ ᠨᠢ ᠨᠢᠭᠡ ᠵᠢᠭᠳᠡ ᠃
ᠬᠠᠳᠤᠭᠤᠷ ᠰᠠᠨᠳᠤᠤ ᠶ᠋ᠢᠨ ᠢᠷᠥᠨ ᠳ᠋ᠦ᠍ ᠰᠠᠪᠠᠵᠤ ᠤᠨᠠᠬᠤ ᠨᠢ ᠴᠦ᠍ ᠨᠢᠭᠡ ᠳᠠᠰᠢ ᠃
ᠬᠡᠵᠢᠶᠡᠳᠡ ᠬᠥᠷᠥᠰᠥ ᠰᠢᠷᠣᠢ ᠪᠠᠨ ᠬᠠᠮᠠᠭᠠᠯᠠᠵᠤ ᠂ ᠲᠠᠩᠳᠠ ᠬᠥᠭᠵᠢᠯ ᠵᠢᠷᠭᠠᠯ ᠢ᠋ ᠳᠠᠯᠠᠯᠤᠨ᠎ᠠ ᠃
4
ᠮᠢᠨᠦ ᠨᠤᠲᠤᠭ ᠤ᠋ᠨ ᠡᠪᠡᠰᠦ᠂ ᠮᠢᠩᠭ᠎ᠠ ᠮᠢᠩᠭᠠᠨ ᠵᠦᠢᠯ ᠃
ᠮᠠᠩᠨᠤᠭ ᠲᠠᠵᠢ ᠶ᠋ᠢᠨ ᠪᠡᠯᠴᠢᠭᠡᠷ ᠂ ᠮᠠᠯ ᠠᠳᠤᠭᠤᠨ ᠤ᠋ ᠮᠢᠨᠢ ᠲᠡᠵᠢᠭᠡᠯ ᠃
ᠭᠠᠩᠭᠠᠮᠰᠤᠭ ᠲᠡᠳᠦᠢ ᠳᠡᠯᠭᠡᠷᠡᠳᠡᠭ ᠬᠣᠭᠣᠰᠣᠨ ᠬᠤᠸᠠᠷ ᠠ᠋ᠴᠠ ᠪᠤᠰᠤᠳ ᠨᠢ ᠂ ᠭᠠᠩ ᠤ᠋ᠨ ᠳᠡᠯᠢᠮ ᠢ᠋ᠶ᠋ᠡᠷ ᠤᠷᠭᠤᠳᠠᠭ ᠬᠣᠣᠷᠲᠤ ᠡᠪᠡᠰᠦ ᠡᠴᠡ ᠪᠢᠰᠢ ᠨᠢ ᠂ ᠥᠷᠭᠡᠨ ᠴᠦ᠍ ᠪᠠᠢᠭ᠂ ᠨᠠᠷᠢᠨ ᠴᠤ᠌ ᠪᠣᠯᠤᠭ᠂ ᠥᠨᠳᠥᠷ ᠴᠦ᠍ ᠲᠡᠷᠡ ᠂ ᠣᠭᠳᠣᠷ ᠴᠤ᠌ ᠲᠡᠷᠡ —
ᠠᠳᠠᠯᠢᠬᠠᠨ ᠂ ᠰᠦ ᠶ᠋ᠢᠨ ᠳᠡᠭᠡᠭᠦᠷ ᠥᠷᠥᠮ᠎ᠡ ᠰᠠᠭᠤᠯᠭᠠᠵᠤ ᠂ ᠱᠥᠯᠦᠨ ᠦ᠌ ᠳᠡᠭᠡᠭᠦᠷ ᠲᠣᠰᠣ ᠬᠦᠪᠦᠭᠦᠯᠦᠨᠡ ᠃
ᠨᠤᠲᠤᠭ ᠤ᠋ᠨ ᠴᠢᠯᠠᠭᠤ
ᠮᠢᠨᠦ ᠨᠤᠲᠤᠭ — ᠨᠢᠳᠦ ᠠᠯᠳᠠᠮ᠎ᠠ ᠮᠠᠩᠬᠠᠨ ᠳᠠᠯᠠᠢ ᠃
ᠬᠠᠳᠠ ᠴᠢᠯᠠᠭᠤ ᠬᠣᠪᠣᠷ ᠠ᠋ᠴᠠ ᠬᠣᠪᠣᠷ ᠃
ᠨᠣᠭᠣᠭ᠎ᠠ ᠴᠠᠭ᠎ᠠ ᠳᠠᠷᠤᠰᠢᠯᠠᠬᠤ ᠳ᠋ᠠᠭᠠᠨ ᠡᠵᠢ ᠮᠢᠨᠢ ᠴᠢᠯᠠᠭᠤ ᠭᠡᠳ ᠭᠠᠴᠢᠭᠳᠠᠳᠠᠭ ᠃
ᠨᠣᠬᠠᠢ ᠰᠢᠪᠠᠭᠤ ᠴᠣᠬᠢᠶ᠎ᠠ ᠭᠡᠳ ᠪᠢ ᠴᠦ᠍ ᠭᠡᠰᠡᠨ ᠴᠢᠯᠠᠭᠤ ᠡᠷᠢᠭᠡᠳ ᠣᠯᠳᠠᠭ ᠦᠭᠡᠢ ᠃
ᠬᠡᠷᠡᠭᠯᠡᠬᠦ ᠶ᠋ᠢᠨ ᠦᠵᠦᠭᠦᠷ ᠬᠡᠷᠢᠶᠡᠨ ᠦ᠌ ᠥᠳᠥ ᠮᠢᠩᠭᠠᠨ ᠯᠠᠩ ᠭᠡᠵᠦ ᠴᠣᠬᠣᠮ ᠲᠡᠷᠡ ᠪᠠᠢᠪᠠ ᠃
ᠶᠠᠪᠤᠵᠤ ᠶᠠᠪᠤᠵᠤ ᠭᠡᠨᠡᠳᠲᠡ ᠨᠢᠭᠡ ᠴᠢᠯᠠᠭᠤ ᠣᠯᠳᠠᠬᠤ ᠳ᠋ᠤ᠌ ᠬᠦᠷᠪᠡᠯ ᠄
《ᠥ – ᠬᠥᠭᠡᠷᠦᠬᠦᠢ ᠂ ᠡᠮᠧ ᠶ᠋ᠢᠨ ᠬᠦᠦ ᠴᠢᠨᠢ ᠨᠤᠲᠤᠭ ᠤ᠋ᠨ ᠢ᠋ᠶ᠋ᠠᠨ ᠡᠷᠳᠡᠨᠢ ᠶ᠋ᠢ ᠣᠯᠤᠭᠠᠳ ᠢᠷᠡᠪᠡᠦ ? 》 ᠭᠡᠳ ᠡᠵᠢ ᠶᠠᠭᠠᠬᠢᠵᠤ ᠶᠡᠬᠡ ᠪᠠᠶᠠᠷᠯᠠᠳᠠᠭ ᠭᠡᠵᠦ ᠰᠠᠨᠠᠨ᠎ᠠ ᠃
ᠨᠢᠳᠤᠷᠭ᠎ᠠ ᠶ᠋ᠢᠨ ᠵᠠᠪᠳᠤᠭᠤ ᠴᠢᠯᠠᠭᠤ ᠶ᠋ᠢ ᠴᠦ᠍ ᠭᠡᠰᠡᠨ ᠤᠬᠢᠶᠠᠵᠤ ᠤᠬᠢᠶᠠᠭᠠᠳ ᠨᠣᠭᠣᠭᠠᠨ ᠤ᠋ ᠪᠠᠨ ᠭᠠᠩ ᠳ᠋ᠤ᠌ ᠬᠢᠴᠢᠨᠡ ᠃
ᠥᠨᠳᠡᠭᠡᠨ ᠴᠢᠨᠡᠭᠡ ᠴᠢᠯᠠᠭᠤ ᠪᠣᠯᠤᠭᠰᠠᠨ ᠴᠤ᠌ ᠦᠯᠢᠶᠡᠵᠦ ᠠᠷᠴᠢᠭᠠᠳ ᠴᠥᠭᠦᠴᠡᠨ ᠳ᠋ᠦ᠍ ᠬᠢᠵᠦ ᠳᠡᠭᠡᠷ᠎ᠡ ᠲᠠᠯᠪᠢᠨ᠎ᠠ ᠃
ᠬᠠᠶᠠ ᠪᠢ ᠨᠢᠭᠡ ᠠᠪᠴᠤ ᠭᠠᠷᠤᠭᠠᠳ ᠨᠠᠭᠠᠳᠬᠤ ᠭᠡᠪᠡᠯ ᠄
《ᠮᠢᠨᠦ ᠬᠦᠦ ᠲᠡᠷᠡ ᠭᠠᠷ ᠲᠠᠬᠢ ᠪᠠᠨ ᠬᠡᠴᠢᠶᠠ ᠳᠠ ᠂ ᠪᠢᠲᠡᠭᠡᠢ ᠬᠡᠭᠡᠴᠢᠬᠡ ! 》 ᠭᠡᠳ ᠡᠵᠢ ᠮᠢᠨᠢ ᠡᠷᠭᠢᠨ ᠳᠠᠬᠢᠨ ᠵᠠᠬᠢᠬᠤ ᠳ᠋ᠤᠨᠢ ᠥᠭᠡᠳᠡ ᠡᠴᠡ ᠨᠢ ᠪᠢ
《 ᠴᠢᠯᠠᠭᠤ ᠪᠢᠰᠢ ᠶᠠᠭᠤ ᠪᠣᠯᠴᠢᠯ᠎ᠠ ᠭᠡᠵᠢ 》 ᠭᠡᠵᠦ ᠳᠦᠳᠦᠨᠡᠭᠡᠳ ᠠᠪᠳᠠᠭ ᠃ ᠲᠡᠭᠡᠬᠦ ᠳ᠋ᠦ᠍ ᠡᠵᠢ ᠮᠢᠨᠢ ᠄
《 ᠬᠥᠶᠢ ! ᠬᠦᠦ ᠮᠢᠨᠢ ᠴᠢ ᠮᠡᠳᠡᠬᠦ ᠦᠭᠡᠢ ᠪᠠᠢᠨ᠎ᠠ ᠃ ᠨᠤᠲᠤᠭ ᠤ᠋ᠨ ᠴᠢᠯᠠᠭᠤ ᠡᠷᠳᠡᠨᠢ ᠭᠡᠳᠡᠭ ᠶᠦ᠍ᠮ ᠰᠢᠦ 》 ᠭᠡᠨ᠎ᠡ ᠃
《ᠶᠠᠭᠠᠬᠢᠭᠠᠳ ? 》
《 ᠶᠠᠭᠠᠬᠢᠭᠠᠳ ᠭᠡᠨ᠎ᠡ ᠰᠢᠦ᠂ ᠴᠢᠭᠢᠶᠡᠲᠦᠷᠦᠦ ᠨᠤᠲᠤᠭ ᠲᠠᠭᠠᠨ ᠡᠭᠡᠯᠢᠲᠡᠢ ᠬᠥᠮᠦᠨ ᠳ᠋ᠦ᠍ ᠤᠨᠠᠭᠰᠠᠨ ᠰᠢᠷᠣᠢ ᠠᠯᠲᠠ ᠂ ᠤᠤᠭᠤᠭᠰᠠᠨ ᠤᠰᠤ ᠷᠠᠰᠢᠶᠠᠨ ᠭᠡᠵᠦ ᠪᠠᠢᠬᠤ ᠳ᠋ᠤ᠌ ᠂ ᠨᠤᠲᠤᠭ ᠤ᠋ᠨ ᠴᠢᠨᠢ ᠴᠢᠯᠠᠭᠤ ᠡᠷᠳᠡᠨᠢ ᠪᠠᠢᠬᠤ ᠦᠭᠡᠢ ᠶᠠᠭᠠᠬᠢᠨ᠎ᠠ ᠪᠣᠢ ᠂ ᠬᠠᠢᠷᠠᠯᠠᠵᠤ ᠶᠠᠪᠤ ᠬᠦᠦ ᠮᠢᠨᠢ ᠃ 》
《 ᠁ 》
ᠠ ! ᠲᠡᠷᠡ ᠦᠶ᠎ᠡ ᠳ᠋ᠦ᠍ ᠶᠠᠭᠤᠲᠠᠢ ᠨᠢᠯᠠᠭᠰᠠᠭ ᠪᠠᠢᠪᠠ ᠳ᠋ᠠ ᠃ ᠡᠦᠲᠦ ᠨᠠᠰᠤᠨ ᠤ᠋ ᠬᠢᠷᠠᠭᠤ ᠳ᠋ᠤ᠌ ᠦᠰᠦ ᠵᠢᠰᠦ ᠮᠢᠨᠢ ᠳᠠᠷᠤᠭᠳᠠᠬᠤ ᠲᠤᠲᠤᠮ ᠲᠥᠷᠥᠭᠰᠡᠨ ᠨᠤᠲᠤᠭ ᠤᠨ ᠮᠢᠨᠢ ᠶᠠᠭᠤ ᠪᠦᠬᠦᠨ ᠬᠡᠴᠢᠨᠡᠨ ᠦᠨ᠎ᠡ ᠴᠠᠨ᠎ᠠ ᠲᠠᠢ ᠂ ᠬᠡᠴᠢᠨᠡᠨ ᠡᠷᠬᠢᠮ ᠨᠠᠨᠳᠢᠨ ᠰᠠᠨᠠᠭᠳᠠᠬᠤ ᠠᠵᠢ ᠃
ᠢᠩᠭᠢᠭᠡᠳ ᠪᠣᠳᠣᠬᠤᠯᠠᠷ ᠂ ᠡᠵᠢ ᠶ᠋ᠢᠨ ᠮᠢᠨᠢ ᠬᠡᠯᠡᠳᠡᠭ ᠵᠥᠪ ᠳᠡ ᠂ ᠲᠦᠮᠡᠨ ᠵᠥᠪ !
ᠨᠤᠲᠤᠭ ᠤᠨ ᠴᠢᠯᠠᠭᠤ ᠡᠷᠳᠡᠨᠢ !
1981 .10 .24 ᠬᠥᠬᠡᠬᠣᠲᠠ
