ᠥᠨᠳᠥᠷᠯᠢᠭ ᠦ᠋ᠨ ᠥᠩᠭᠡᠲᠦ ᠵᠡᠭᠦᠳᠦ 〈 ᠮᠥᠴᠡᠯᠭᠡ ᠲᠠᠪᠤ 〉- ᠲ ᠂ ᠭᠣᠮᠪᠣᠵᠠᠪ Өндөрлөгийн өнгөт зүүд 〈 Мөчлөг тав 〉 - Т ᠂ Гомбожав
ᠥᠨᠳᠥᠷᠯᠢᠭ ᠦ᠋ᠨ ᠥᠩᠭᠡᠲᠦ ᠵᠡᠭᠦᠳᠦ 〈 ᠮᠥᠴᠡᠯᠭᠡ ᠲᠠᠪᠤ 〉
ᠦᠵᠦᠮ ᠦ᠋ᠨ ᠬᠣᠩᠭᠢᠯ ᠤ᠋ᠨ ᠰᠠᠭᠤᠭᠳᠠᠯ
ᠡᠭᠦᠯᠡ ᠳᠦᠭᠦᠷᠡᠩ ᠪᠣᠷᠣᠭ᠎ᠠ ᠰᠠᠨᠵᠢᠭᠢᠨᠠᠨᠠ
ᠡᠮᠦᠰᠬᠡᠯ ᠨᠣᠷᠭᠠᠵᠤ ᠤᠨᠠᠬᠤ ᠦᠭᠡᠢ
ᠡᠩᠭᠡᠷ ᠳᠦᠭᠦᠷᠡᠩ ᠨᠢᠯᠪᠤᠰᠤ ᠬᠡᠯᠬᠢᠶᠡᠷᠡᠨᠡ
ᠡᠮᠭᠡᠨᠢᠯ ᠵᠢᠷᠤᠵᠤ ᠤᠷᠤᠰᠬᠤ ᠦᠭᠡᠢ
ᠲᠡᠭᠷᠢ ᠳᠦᠭᠦᠷᠡᠩ ᠭᠢᠯᠠᠯᠵᠠᠬᠤ ᠣᠳᠣ
ᠲᠡᠭᠦᠨ ᠠᠪᠬᠤ ᠶ᠋ᠢ ᠬᠦᠯᠢᠶᠡᠵᠦ
ᠲᠦᠮᠡ ᠪᠤᠮᠠᠨ ᠬᠥᠬᠥᠨ ᠲᠣᠪᠴᠢ
ᠬᠠᠢᠷ᠎ᠠ ᠪᠠᠨ ᠰᠠᠨᠠᠨ ᠪᠣᠢᠵᠢᠵᠤ ᠪᠠᠢᠨ᠎ᠠ ᠠ᠋
ᠬᠠᠭᠤᠴᠢᠨ ᠬᠣᠲᠠ ᠶ᠋ᠢᠨ ᠪᠠᠭᠤᠷᠢ ᠳᠡᠭᠡᠷ᠎ᠡ
ᠬᠤᠪᠠᠬᠠᠢᠷᠠᠭᠰᠠᠨ ᠴᠡᠴᠡᠭ ᠦ᠋ᠨ ᠲᠠᠯᠪᠢᠨ ᠳᠡᠭᠡᠷ᠎ᠡ ᠭᠠᠷᠤᠯ᠎ᠠ
ᠬᠣᠯᠠᠳᠠᠭᠰᠠᠨ ᠬᠠᠪᠤᠷ ᠤ᠋ᠨ᠂ ᠲᠠᠩᠳᠠ ᠶᠠᠭᠠᠨ ᠵᠡᠭᠦᠳᠦ ᠤᠨᠲᠠᠷᠠᠵᠤ
ᠬᠤᠮᠠᠭ ᠰᠢᠷᠣᠢ
ᠬᠣᠪ ᠬᠠᠭᠤᠷᠠᠢ ᠪᠤᠲᠠᠷᠠᠨ᠎ᠠ
ᠥᠨᠳᠥᠷ ᠥᠨᠳᠥᠷ
ᠦᠭᠡ ᠶᠠᠷᠢᠳᠠᠭ ᠦᠭᠡᠢ ᠲᠡᠦᠬᠡ ᠶ᠋ᠢᠨ ᠣᠮᠣᠭᠰᠢᠯ
ᠥᠨᠥᠴᠢᠨ ᠭᠠᠯᠠᠭᠤ ᠶ᠋ᠢᠨ ᠪᠤᠴᠠᠬᠤ ᠳᠠᠭᠤᠨ ᠳ᠋ᠤ᠌
ᠡᠪᠦᠷ ᠳᠦᠭᠦᠷᠡᠩ ᠡᠯᠦᠢ ᠬᠤᠯᠤᠢ ᠪᠢᠯᠡ
ᠰᠠᠯᠬᠢ
ᠰᠠᠬᠠᠯ ᠨᠢ ᠴᠠᠷᠴᠠᠭᠰᠠᠨ ᠡᠨᠡ ᠭᠠᠵᠠᠷ ᠤ᠋ᠨ
ᠬᠠᠯᠠᠭᠤᠨ ᠬᠦᠢᠲᠡᠨ ᠠᠮᠢᠰᠬᠤᠭ᠎ᠠ
ᠬᠠᠭᠤᠴᠢ ᠴᠠᠭ ᠪᠠ
ᠬᠣᠷᠢᠳᠤᠭᠠᠷ ᠵᠠᠭᠤᠨ ᠤ᠋ ᠠᠭᠤᠯᠵᠠᠷ ᠳᠡᠭᠡᠭᠦᠷ ᠱᠤᠤᠭᠢᠵᠤ
ᠬᠣᠯᠠ ᠠ᠋ᠴᠠ ᠢᠷᠡᠭᠰᠡᠨ ᠪᠣᠳᠣᠯ ᠳ᠋ᠤ᠌ ᠮᠢᠨᠢ ᠲᠤᠭᠤᠯᠭ᠎ᠠ ᠴᠢᠳᠬᠤᠨ᠎ᠠ
ᠬᠦᠨᠳᠦᠬᠡᠨ ᠤᠨᠠᠭᠰᠠᠨ ᠦᠳᠡᠰᠢ ᠶ᠋ᠢᠨ ᠨᠠᠷᠠ᠂ ᠬᠥᠭᠡᠷᠦᠬᠦᠢ
ᠬᠥᠯ ᠢ᠋ᠶ᠋ᠡᠨ ᠪᠢ ᠤᠷᠤᠭᠰᠢ ᠵᠥᠭᠡᠭᠡᠯᠡ
ᠮᠢᠨᠦ ᠮᠥᠷ᠂ ᠲᠡᠷᠡ ᠪᠣᠯ
ᠲᠥᠪ ᠡᠴᠡ ᠵᠢᠭᠤᠲᠠᠬᠤ ᠬᠦᠴᠦᠨ ᠦ᠌ ᠰᠤᠮᠤᠨ ᠤᠯᠠᠭᠠᠨ ᠦᠵᠦᠭᠦᠷ ᠪᠢᠯᠡ ᠠ᠋!
ᠳᠥᠯᠥ ᠶ᠋ᠢᠨ ᠠᠭᠤᠯᠠ *
1
ᠨᠢᠭᠡᠨ ᠣᠪᠣᠭ᠎ᠠ ᠲᠣᠭᠰᠢᠨ ᠭᠠᠯ ᠤᠨᠲᠠᠷᠠᠯᠠ
ᠬᠡᠭᠡᠷ᠎ᠡ ᠵᠢᠰᠦᠮ ᠦ᠋ᠨ ᠠᠳᠤᠭᠤᠨ ᠰᠦᠷᠦᠭ
ᠭᠡᠨᠡᠳᠲᠡ ᠣᠢᠴᠢᠭᠰᠠᠨ ᠰᠢᠭ᠋
ᠬᠣᠲᠣᠭᠣᠷ ᠤ᠋ᠨ ᠳᠦᠷᠡᠯᠵᠡᠭᠰᠡᠨ ᠤᠯᠠᠭᠠᠨ ᠡᠳᠦᠷ ᠦ᠋ᠳ ᠬᠡᠪᠲᠡᠯ᠎ᠡ
ᠰᠦᠷᠦᠭ ᠰᠦᠷᠦᠭ ᠬᠠᠷ᠎ᠠ ᠬᠡᠷᠢᠶ᠎ᠡ
ᠰᠥᠨᠢ ᠶ᠋ᠢᠨ ᠵᠢᠭᠦᠷ ᠦ᠋ᠳ ᠢ᠋ ᠬᠠᠢᠴᠢᠯᠠᠵᠤ ᠵᠣᠭᠰᠣᠭᠰᠠᠨ
ᠢᠯᠴᠢ ᠨᠢ᠂ ᠢᠳᠡᠭ ᠢᠳᠡᠭ ᠢ᠋ᠶ᠋ᠡᠷ ᠬᠥᠷᠥᠵᠦ
ᠶᠢᠰᠦᠨ ᠲᠡᠭᠷᠢ ᠶ᠋ᠢᠨ ᠡᠭᠦᠯᠡ
ᠤᠯᠠᠢᠬᠤ ᠪᠠᠨ ᠮᠠᠷᠲᠠᠵᠤ ᠡᠬᠢᠯᠡᠯ᠎ᠡ
ᠭᠣᠪᠢ ᠶ᠋ᠢᠨ ᠶᠠᠭᠠᠨ ᠦᠷ ᠤᠨᠲᠠᠷᠠᠵᠤ
ᠭᠡᠷ ᠭᠡᠷ ᠦ᠋ᠨ ᠴᠣᠩᠬᠣ ᠪᠠᠷᠠᠭᠤᠨᠰᠢ ᠡᠷᠭᠢᠯ᠎ᠡ!
2
ᠨᠢᠭᠡᠨ ᠣᠪᠣᠭ᠎ᠠ ᠲᠣᠭᠰᠢᠨ ᠭᠠᠯ ᠤᠨᠲᠠᠷᠠᠯᠠ
ᠭᠠᠵᠠᠷ ᠤ᠋ᠨ ᠬᠠᠯᠠᠭᠤᠨ ᠬᠦᠰᠡᠯ
ᠭᠠᠷ ᠢ᠋ᠶ᠋ᠠᠨ ᠳᠡᠭᠡᠭᠰᠢ ᠰᠠᠷᠪᠠᠢᠭᠰᠠᠨ ᠬᠡᠪ ᠢ᠋ᠶ᠋ᠡᠷ ᠢ᠋ᠶ᠋ᠡᠨ ᠴᠠᠷᠴᠠᠵᠤ
ᠠᠮᠢ ᠨᠠᠰᠤᠨ ᠤ᠋ ᠣᠩᠭᠣᠨ ᠠᠮᠢᠰᠬᠤᠯ
ᠠᠭᠠᠷ ᠬᠠᠷᠠᠭᠰᠠᠨ ᠴᠢᠭ ᠢ᠋ᠶ᠋ᠡᠷ ᠢ᠋ᠶ᠋ᠡᠨ ᠴᠢᠯᠠᠭᠤᠵᠢᠯᠠ
ᠡᠯᠢᠭᠡᠨ ᠬᠦᠷᠡᠩ ᠬᠠᠳᠠᠳ ᠤ᠋ᠨ ᠴᠤᠭᠯᠠᠭ᠎ᠠ
ᠡᠨᠡ᠂ ᠡᠷ᠎ᠡ ᠪᠣᠳᠣᠯ ᠤ᠋ᠨ ᠴᠠᠷᠴᠠᠭᠰᠠᠨ ᠭᠤᠨᠢᠭ
ᠡᠭᠦᠷᠢᠳᠡ ᠤᠨᠠᠬᠤ ᠦᠭᠡᠢ ᠴᠢᠪᠠᠭᠠᠨ ᠤᠯᠠᠭᠠᠨ ᠬᠠᠮᠠᠷ
ᠡᠬᠡ ᠭᠠᠵᠠᠷ ᠤ᠋ᠨ ᠴᠢᠷᠠᠢ ᠳᠡᠭᠡᠷ᠎ᠡ ᠲᠣᠭᠲᠠᠯ᠎ᠠ
3
ᠨᠢᠭᠡᠨ ᠣᠪᠣᠭ᠎ᠠ ᠲᠣᠭᠰᠢᠨ ᠭᠠᠯ ᠤᠨᠲᠠᠷᠠᠯᠠ
ᠦᠨᠡᠰᠦᠨ ᠦ᠌ ᠬᠢᠨᠢ ᠮᠠᠨᠠᠭ᠎ᠠ ᠪᠣᠯᠵᠤ
ᠥᠲᠡᠯᠳᠡᠭ ᠦᠭᠡᠢ ᠲᠠᠩᠰᠤᠭ ᠯᠠᠮᠠ
ᠡᠳᠦᠷ ᠡᠳᠦᠷ ᠨᠠᠮᠠᠨᠴᠢᠯᠠᠨ᠎ᠠ
ᠡᠷᠭᠦᠵᠦ ᠳᠠᠭᠠᠬᠤ ᠦᠭᠡᠢ ᠭᠠᠪᠢᠶ᠎ᠠ ᠪᠠᠨ ᠳᠥᠰᠢᠨ
ᠦᠬᠦᠳᠡᠭ ᠦᠭᠡᠢ ᠪᠡᠴᠢᠨ ᠪᠠᠭᠰᠢ
ᠦᠯᠢᠭᠡᠷ ᠳᠦᠭᠦᠷᠡᠩ ᠲᠣᠭᠯᠠᠨ᠎ᠠ
ᠭᠠᠯ ᠤ᠋ᠨ ᠠᠮᠢᠳᠤ ᠡᠷᠯᠢᠭ
ᠭᠠᠳᠠᠯᠢ ᠶ᠋ᠢᠨ ᠲᠡᠷᠡᠬᠦ ᠲᠣᠮᠣ ᠳᠡᠪᠢᠭᠦᠷ
ᠰᠥᠨᠢ ᠪᠣᠯᠭᠠᠨ ᠨᠣᠢᠷ ᠦᠭᠡᠢ᠂ ᠭᠠᠵᠠᠷ ᠴᠢᠩᠨᠠᠨ ᠬᠡᠪᠲᠡᠨ᠎ᠡ ᠪᠢᠯᠡ ᠠ᠋
4
ᠨᠢᠭᠡᠨ ᠣᠪᠣᠭ᠎ᠠ ᠲᠣᠭᠰᠢᠨ ᠭᠠᠯ ᠤᠨᠲᠠᠷᠠᠯᠠ
ᠨᠡᠷ᠎ᠡ ᠨᠢ᠂ ᠤᠨᠲᠠᠷᠠᠭ᠎ᠠ ᠦᠭᠡᠢ
ᠨᠢᠭᠡᠨ ᠪᠠᠳᠠᠭ ᠪᠦᠳᠡᠭᠢ ᠰᠢᠯᠦᠭ᠂ ᠪᠢᠲᠡᠭᠦᠬᠡᠨ ᠬᠠᠩᠭᠢᠨᠠᠵᠤ
ᠨᠢᠳᠦ ᠲᠡᠢ ᠪᠣᠯᠭᠠᠨ ᠤ᠋ ᠰᠡᠳᠬᠢᠯ ᠤᠷᠤᠭᠤ
ᠨᠣᠴᠣᠵᠤ ᠪᠣᠰᠬᠤ ᠶ᠋ᠢᠨ ᠵᠢᠷᠭᠠᠯ ᠢ᠋᠂ ᠰᠠᠮ ᠳᠣᠬᠢᠨ ᠠᠰᠠᠵᠤ ᠪᠠᠢᠨ᠎ᠠ ᠠ᠋!
ᠵᠠᠯᠠᠭᠤ ᠰᠢᠯᠦᠭᠴᠢᠳ ᠦ᠋ᠨ ᠴᠤᠪᠤᠷᠠᠯ ᠪᠢᠴᠢᠭ
< ᠢᠷᠡᠬᠦ ᠵᠠᠭᠤᠨ ᠤ᠋ ᠬᠣᠩᠬᠣᠨ ᠳᠠᠭᠤᠨ > ᠠ᠋ᠴᠠ ᠬᠠᠭᠤᠯᠪᠠ᠃
ᠦᠰᠦᠭ ᠠᠮᠢᠯᠠᠭᠤᠯᠤᠭᠰᠠᠨ ᠨᠢ ᠄ ᠴᠣᠯᠮᠣᠨᠲᠤᠶᠠᠭ᠎ᠠ
ᠬᠢᠨᠠᠭᠴᠢ ᠄ ᠭᠠᠸᠠ
2023 ᠂ 5 ᠂ 21 ᠦ᠌ ᠡᠳᠦᠷ
ᠡᠭᠦᠯᠡ ᠳᠦᠭᠦᠷᠡᠩ ᠪᠣᠷᠣᠭ᠎ᠠ ᠰᠠᠨᠵᠢᠭᠢᠨᠠᠨᠠ
ᠡᠮᠦᠰᠬᠡᠯ ᠨᠣᠷᠭᠠᠵᠤ ᠤᠨᠠᠬᠤ ᠦᠭᠡᠢ
ᠡᠩᠭᠡᠷ ᠳᠦᠭᠦᠷᠡᠩ ᠨᠢᠯᠪᠤᠰᠤ ᠬᠡᠯᠬᠢᠶᠡᠷᠡᠨᠡ
ᠡᠮᠭᠡᠨᠢᠯ ᠵᠢᠷᠤᠵᠤ ᠤᠷᠤᠰᠬᠤ ᠦᠭᠡᠢ
ᠲᠡᠭᠷᠢ ᠳᠦᠭᠦᠷᠡᠩ ᠭᠢᠯᠠᠯᠵᠠᠬᠤ ᠣᠳᠣ
ᠲᠡᠭᠦᠨ ᠠᠪᠬᠤ ᠶ᠋ᠢ ᠬᠦᠯᠢᠶᠡᠵᠦ
ᠲᠦᠮᠡ ᠪᠤᠮᠠᠨ ᠬᠥᠬᠥᠨ ᠲᠣᠪᠴᠢ
ᠬᠠᠢᠷ᠎ᠠ ᠪᠠᠨ ᠰᠠᠨᠠᠨ ᠪᠣᠢᠵᠢᠵᠤ ᠪᠠᠢᠨ᠎ᠠ ᠠ᠋
ᠬᠠᠭᠤᠴᠢᠨ ᠬᠣᠲᠠ ᠶ᠋ᠢᠨ ᠪᠠᠭᠤᠷᠢ ᠳᠡᠭᠡᠷ᠎ᠡ
ᠬᠤᠪᠠᠬᠠᠢᠷᠠᠭᠰᠠᠨ ᠴᠡᠴᠡᠭ ᠦ᠋ᠨ ᠲᠠᠯᠪᠢᠨ ᠳᠡᠭᠡᠷ᠎ᠡ ᠭᠠᠷᠤᠯ᠎ᠠ
ᠬᠣᠯᠠᠳᠠᠭᠰᠠᠨ ᠬᠠᠪᠤᠷ ᠤ᠋ᠨ᠂ ᠲᠠᠩᠳᠠ ᠶᠠᠭᠠᠨ ᠵᠡᠭᠦᠳᠦ ᠤᠨᠲᠠᠷᠠᠵᠤ
ᠬᠤᠮᠠᠭ ᠰᠢᠷᠣᠢ
ᠬᠣᠪ ᠬᠠᠭᠤᠷᠠᠢ ᠪᠤᠲᠠᠷᠠᠨ᠎ᠠ
ᠥᠨᠳᠥᠷ ᠥᠨᠳᠥᠷ
ᠦᠭᠡ ᠶᠠᠷᠢᠳᠠᠭ ᠦᠭᠡᠢ ᠲᠡᠦᠬᠡ ᠶ᠋ᠢᠨ ᠣᠮᠣᠭᠰᠢᠯ
ᠥᠨᠥᠴᠢᠨ ᠭᠠᠯᠠᠭᠤ ᠶ᠋ᠢᠨ ᠪᠤᠴᠠᠬᠤ ᠳᠠᠭᠤᠨ ᠳ᠋ᠤ᠌
ᠡᠪᠦᠷ ᠳᠦᠭᠦᠷᠡᠩ ᠡᠯᠦᠢ ᠬᠤᠯᠤᠢ ᠪᠢᠯᠡ
ᠰᠠᠯᠬᠢ
ᠰᠠᠬᠠᠯ ᠨᠢ ᠴᠠᠷᠴᠠᠭᠰᠠᠨ ᠡᠨᠡ ᠭᠠᠵᠠᠷ ᠤ᠋ᠨ
ᠬᠠᠯᠠᠭᠤᠨ ᠬᠦᠢᠲᠡᠨ ᠠᠮᠢᠰᠬᠤᠭ᠎ᠠ
ᠬᠠᠭᠤᠴᠢ ᠴᠠᠭ ᠪᠠ
ᠬᠣᠷᠢᠳᠤᠭᠠᠷ ᠵᠠᠭᠤᠨ ᠤ᠋ ᠠᠭᠤᠯᠵᠠᠷ ᠳᠡᠭᠡᠭᠦᠷ ᠱᠤᠤᠭᠢᠵᠤ
ᠬᠣᠯᠠ ᠠ᠋ᠴᠠ ᠢᠷᠡᠭᠰᠡᠨ ᠪᠣᠳᠣᠯ ᠳ᠋ᠤ᠌ ᠮᠢᠨᠢ ᠲᠤᠭᠤᠯᠭ᠎ᠠ ᠴᠢᠳᠬᠤᠨ᠎ᠠ
ᠬᠦᠨᠳᠦᠬᠡᠨ ᠤᠨᠠᠭᠰᠠᠨ ᠦᠳᠡᠰᠢ ᠶ᠋ᠢᠨ ᠨᠠᠷᠠ᠂ ᠬᠥᠭᠡᠷᠦᠬᠦᠢ
ᠬᠥᠯ ᠢ᠋ᠶ᠋ᠡᠨ ᠪᠢ ᠤᠷᠤᠭᠰᠢ ᠵᠥᠭᠡᠭᠡᠯᠡ
ᠮᠢᠨᠦ ᠮᠥᠷ᠂ ᠲᠡᠷᠡ ᠪᠣᠯ
ᠲᠥᠪ ᠡᠴᠡ ᠵᠢᠭᠤᠲᠠᠬᠤ ᠬᠦᠴᠦᠨ ᠦ᠌ ᠰᠤᠮᠤᠨ ᠤᠯᠠᠭᠠᠨ ᠦᠵᠦᠭᠦᠷ ᠪᠢᠯᠡ ᠠ᠋!
ᠳᠥᠯᠥ ᠶ᠋ᠢᠨ ᠠᠭᠤᠯᠠ *
1
ᠨᠢᠭᠡᠨ ᠣᠪᠣᠭ᠎ᠠ ᠲᠣᠭᠰᠢᠨ ᠭᠠᠯ ᠤᠨᠲᠠᠷᠠᠯᠠ
ᠬᠡᠭᠡᠷ᠎ᠡ ᠵᠢᠰᠦᠮ ᠦ᠋ᠨ ᠠᠳᠤᠭᠤᠨ ᠰᠦᠷᠦᠭ
ᠭᠡᠨᠡᠳᠲᠡ ᠣᠢᠴᠢᠭᠰᠠᠨ ᠰᠢᠭ᠋
ᠬᠣᠲᠣᠭᠣᠷ ᠤ᠋ᠨ ᠳᠦᠷᠡᠯᠵᠡᠭᠰᠡᠨ ᠤᠯᠠᠭᠠᠨ ᠡᠳᠦᠷ ᠦ᠋ᠳ ᠬᠡᠪᠲᠡᠯ᠎ᠡ
ᠰᠦᠷᠦᠭ ᠰᠦᠷᠦᠭ ᠬᠠᠷ᠎ᠠ ᠬᠡᠷᠢᠶ᠎ᠡ
ᠰᠥᠨᠢ ᠶ᠋ᠢᠨ ᠵᠢᠭᠦᠷ ᠦ᠋ᠳ ᠢ᠋ ᠬᠠᠢᠴᠢᠯᠠᠵᠤ ᠵᠣᠭᠰᠣᠭᠰᠠᠨ
ᠢᠯᠴᠢ ᠨᠢ᠂ ᠢᠳᠡᠭ ᠢᠳᠡᠭ ᠢ᠋ᠶ᠋ᠡᠷ ᠬᠥᠷᠥᠵᠦ
ᠶᠢᠰᠦᠨ ᠲᠡᠭᠷᠢ ᠶ᠋ᠢᠨ ᠡᠭᠦᠯᠡ
ᠤᠯᠠᠢᠬᠤ ᠪᠠᠨ ᠮᠠᠷᠲᠠᠵᠤ ᠡᠬᠢᠯᠡᠯ᠎ᠡ
ᠭᠣᠪᠢ ᠶ᠋ᠢᠨ ᠶᠠᠭᠠᠨ ᠦᠷ ᠤᠨᠲᠠᠷᠠᠵᠤ
ᠭᠡᠷ ᠭᠡᠷ ᠦ᠋ᠨ ᠴᠣᠩᠬᠣ ᠪᠠᠷᠠᠭᠤᠨᠰᠢ ᠡᠷᠭᠢᠯ᠎ᠡ!
2
ᠨᠢᠭᠡᠨ ᠣᠪᠣᠭ᠎ᠠ ᠲᠣᠭᠰᠢᠨ ᠭᠠᠯ ᠤᠨᠲᠠᠷᠠᠯᠠ
ᠭᠠᠵᠠᠷ ᠤ᠋ᠨ ᠬᠠᠯᠠᠭᠤᠨ ᠬᠦᠰᠡᠯ
ᠭᠠᠷ ᠢ᠋ᠶ᠋ᠠᠨ ᠳᠡᠭᠡᠭᠰᠢ ᠰᠠᠷᠪᠠᠢᠭᠰᠠᠨ ᠬᠡᠪ ᠢ᠋ᠶ᠋ᠡᠷ ᠢ᠋ᠶ᠋ᠡᠨ ᠴᠠᠷᠴᠠᠵᠤ
ᠠᠮᠢ ᠨᠠᠰᠤᠨ ᠤ᠋ ᠣᠩᠭᠣᠨ ᠠᠮᠢᠰᠬᠤᠯ
ᠠᠭᠠᠷ ᠬᠠᠷᠠᠭᠰᠠᠨ ᠴᠢᠭ ᠢ᠋ᠶ᠋ᠡᠷ ᠢ᠋ᠶ᠋ᠡᠨ ᠴᠢᠯᠠᠭᠤᠵᠢᠯᠠ
ᠡᠯᠢᠭᠡᠨ ᠬᠦᠷᠡᠩ ᠬᠠᠳᠠᠳ ᠤ᠋ᠨ ᠴᠤᠭᠯᠠᠭ᠎ᠠ
ᠡᠨᠡ᠂ ᠡᠷ᠎ᠡ ᠪᠣᠳᠣᠯ ᠤ᠋ᠨ ᠴᠠᠷᠴᠠᠭᠰᠠᠨ ᠭᠤᠨᠢᠭ
ᠡᠭᠦᠷᠢᠳᠡ ᠤᠨᠠᠬᠤ ᠦᠭᠡᠢ ᠴᠢᠪᠠᠭᠠᠨ ᠤᠯᠠᠭᠠᠨ ᠬᠠᠮᠠᠷ
ᠡᠬᠡ ᠭᠠᠵᠠᠷ ᠤ᠋ᠨ ᠴᠢᠷᠠᠢ ᠳᠡᠭᠡᠷ᠎ᠡ ᠲᠣᠭᠲᠠᠯ᠎ᠠ
3
ᠨᠢᠭᠡᠨ ᠣᠪᠣᠭ᠎ᠠ ᠲᠣᠭᠰᠢᠨ ᠭᠠᠯ ᠤᠨᠲᠠᠷᠠᠯᠠ
ᠦᠨᠡᠰᠦᠨ ᠦ᠌ ᠬᠢᠨᠢ ᠮᠠᠨᠠᠭ᠎ᠠ ᠪᠣᠯᠵᠤ
ᠥᠲᠡᠯᠳᠡᠭ ᠦᠭᠡᠢ ᠲᠠᠩᠰᠤᠭ ᠯᠠᠮᠠ
ᠡᠳᠦᠷ ᠡᠳᠦᠷ ᠨᠠᠮᠠᠨᠴᠢᠯᠠᠨ᠎ᠠ
ᠡᠷᠭᠦᠵᠦ ᠳᠠᠭᠠᠬᠤ ᠦᠭᠡᠢ ᠭᠠᠪᠢᠶ᠎ᠠ ᠪᠠᠨ ᠳᠥᠰᠢᠨ
ᠦᠬᠦᠳᠡᠭ ᠦᠭᠡᠢ ᠪᠡᠴᠢᠨ ᠪᠠᠭᠰᠢ
ᠦᠯᠢᠭᠡᠷ ᠳᠦᠭᠦᠷᠡᠩ ᠲᠣᠭᠯᠠᠨ᠎ᠠ
ᠭᠠᠯ ᠤ᠋ᠨ ᠠᠮᠢᠳᠤ ᠡᠷᠯᠢᠭ
ᠭᠠᠳᠠᠯᠢ ᠶ᠋ᠢᠨ ᠲᠡᠷᠡᠬᠦ ᠲᠣᠮᠣ ᠳᠡᠪᠢᠭᠦᠷ
ᠰᠥᠨᠢ ᠪᠣᠯᠭᠠᠨ ᠨᠣᠢᠷ ᠦᠭᠡᠢ᠂ ᠭᠠᠵᠠᠷ ᠴᠢᠩᠨᠠᠨ ᠬᠡᠪᠲᠡᠨ᠎ᠡ ᠪᠢᠯᠡ ᠠ᠋
4
ᠨᠢᠭᠡᠨ ᠣᠪᠣᠭ᠎ᠠ ᠲᠣᠭᠰᠢᠨ ᠭᠠᠯ ᠤᠨᠲᠠᠷᠠᠯᠠ
ᠨᠡᠷ᠎ᠡ ᠨᠢ᠂ ᠤᠨᠲᠠᠷᠠᠭ᠎ᠠ ᠦᠭᠡᠢ
ᠨᠢᠭᠡᠨ ᠪᠠᠳᠠᠭ ᠪᠦᠳᠡᠭᠢ ᠰᠢᠯᠦᠭ᠂ ᠪᠢᠲᠡᠭᠦᠬᠡᠨ ᠬᠠᠩᠭᠢᠨᠠᠵᠤ
ᠨᠢᠳᠦ ᠲᠡᠢ ᠪᠣᠯᠭᠠᠨ ᠤ᠋ ᠰᠡᠳᠬᠢᠯ ᠤᠷᠤᠭᠤ
ᠨᠣᠴᠣᠵᠤ ᠪᠣᠰᠬᠤ ᠶ᠋ᠢᠨ ᠵᠢᠷᠭᠠᠯ ᠢ᠋᠂ ᠰᠠᠮ ᠳᠣᠬᠢᠨ ᠠᠰᠠᠵᠤ ᠪᠠᠢᠨ᠎ᠠ ᠠ᠋!
ᠵᠠᠯᠠᠭᠤ ᠰᠢᠯᠦᠭᠴᠢᠳ ᠦ᠋ᠨ ᠴᠤᠪᠤᠷᠠᠯ ᠪᠢᠴᠢᠭ
< ᠢᠷᠡᠬᠦ ᠵᠠᠭᠤᠨ ᠤ᠋ ᠬᠣᠩᠬᠣᠨ ᠳᠠᠭᠤᠨ > ᠠ᠋ᠴᠠ ᠬᠠᠭᠤᠯᠪᠠ᠃
ᠦᠰᠦᠭ ᠠᠮᠢᠯᠠᠭᠤᠯᠤᠭᠰᠠᠨ ᠨᠢ ᠄ ᠴᠣᠯᠮᠣᠨᠲᠤᠶᠠᠭ᠎ᠠ
ᠬᠢᠨᠠᠭᠴᠢ ᠄ ᠭᠠᠸᠠ
2023 ᠂ 5 ᠂ 21 ᠦ᠌ ᠡᠳᠦᠷ
