3-14-16ᠢᠰᠢᠲᠠᠨᠽᠠᠨᠸᠠᠩᠵᠢᠯ ᠤ᠋ᠨ ᠡᠮᠴᠢᠯᠡᠭᠡᠨ ᠦ᠌ ᠵᠣᠷ ᠵᠠᠰᠠᠯ-ᠪᠠᠬᠤᠤ ᠡᠪᠡᠳᠴᠢᠨ᠂ ᠪᠤᠯᠴᠢᠷᠬᠠᠢ ᠡᠪᠡᠳᠴᠢᠨ᠂ ᠲᠦᠯᠡᠭᠲᠡᠭᠰᠡᠨ ᠰᠢᠷᠬ᠎ᠠ ᠶ᠋ᠢ ᠵᠠᠰᠠᠬᠤ
ᠪᠠᠬᠤᠤ ᠡᠪᠡᠳᠴᠢᠨ᠂ ᠪᠤᠯᠴᠢᠷᠬᠠᠢ ᠡᠪᠡᠳᠴᠢᠨ᠂ ᠲᠦᠯᠡᠭᠲᠡᠭᠰᠡᠨ ᠰᠢᠷᠬ᠎ᠠ ᠶ᠋ᠢ ᠵᠠᠰᠠᠬᠤ
ᠠᠷᠪᠠᠨ ᠳᠥᠷᠪᠡ ᠂ ᠪᠠᠬᠤᠤ ᠡᠪᠡᠳᠴᠢᠨ ᠊ᠢ ᠵᠠᠰᠠᠬᠤ
ᠪᠠᠬᠤᠤ
ᠬᠡᠮᠡᠬᠦ ᠲᠣᠯᠣᠭᠠᠢ ᠂ ᠬᠦᠵᠦᠭᠦᠦ ᠶ᠋ᠢᠨ ᠠᠷᠤ ᠥᠪᠥᠷ ᠲᠦ᠍ ᠠᠩᠬ᠎ᠠ ᠥᠴᠦᠬᠡᠨ ᠭᠦᠲᠦᠶ᠋ᠢᠵᠦ ᠭᠠᠷᠬᠤ ᠪᠥᠭᠡᠳ ᠵᠡᠷᠭᠡᠮᠵᠢ ᠪᠡᠷ
ᠶᠡᠬᠡ ᠪᠣᠯᠤᠨ᠎ᠠ ᠃ ᠡᠭᠦᠨ ᠊ᠢ ᠪᠠᠭ᠎ᠠ ᠴᠠᠭ ᠲᠤᠨᠢ ᠵᠡᠭᠦᠦ ᠪᠠ ᠬᠢᠲᠤᠭ᠎ᠠ ᠪᠠᠷ ᠠᠮᠠ ᠭᠠᠷᠭᠠᠵᠤ᠂ ᠰᠠᠷᠢᠮᠰᠠᠭ
ᠮᠡᠲᠦ ᠠᠷᠠᠰᠤ ᠲᠠᠢ ᠨᠢ ᠥᠪᠴᠢᠵᠦ ᠠᠪ ᠃ ᠰᠣᠷᠪᠢ ᠶ᠋ᠢ ᠨᠢ ᠭᠤᠯᠢᠷ ᠢ᠋ᠶ᠋ᠠᠷ ᠪᠥᠭᠯᠡᠪᠡᠯ ᠬᠣᠵᠢᠮ ᠦᠯᠦ ᠭᠠᠷᠬᠤ
᠃ ᠶᠡᠬᠡᠳᠡᠪᠡᠰᠦ ᠬᠠᠯᠠᠭᠤᠨ ᠵᠡᠭᠦᠦ ᠪᠡᠷ ᠲᠥᠭᠡᠨᠡᠪᠡᠯ ᠳᠣᠲᠣᠷ ᠠ᠋ᠴᠠ ᠡᠮ ᠰᠢᠲᠦᠬᠦ ᠬᠡᠷᠡᠭ ᠦᠭᠡᠢ ᠪᠡᠷ ᠭᠡᠮ
ᠠᠷᠢᠯᠤᠨ᠎ᠠ ᠃
ᠠᠷᠪᠠᠨ
ᠲᠠᠪᠤ᠂ ᠪᠤᠯᠴᠢᠷᠬᠠᠢ ᠡᠪᠡᠳᠴᠢᠨ ᠊ᠢ ᠵᠠᠰᠠᠬᠤ
ᠪᠤᠯᠴᠢᠷᠬᠠᠢ
ᠬᠡᠮᠡᠬᠦ ᠢᠨᠤ ᠬᠦᠵᠦᠭᠦᠦ ᠪᠡᠯᠬᠡᠭᠦᠰᠦ ᠣᠷᠴᠢᠮ ᠭᠠᠷᠤᠮᠤᠢ ᠃ ᠰᠢᠯᠲᠠᠭᠠᠨ ᠨᠢ ᠭᠣᠣᠯᠳᠠᠭᠤ ᠪᠥᠭᠡᠷᠡᠨ ᠬᠦᠢᠲᠡᠨ
ᠬᠡᠢ ᠡᠴᠡ ᠭᠠᠷᠬᠤ ᠨᠢ ᠣᠯᠠᠨ ᠂ ᠵᠠᠷᠢᠮ ᠨᠢ ᠨᠢᠭᠤᠴᠠ ᠳ᠋ᠤ᠌ ᠬᠡᠢ ᠲᠣᠰᠴᠤ ᠳᠤᠰᠤᠯ ᠤ᠋ᠨ ᠦᠯᠡᠲᠡᠭᠲᠡᠯ ᠂ ᠰᠢᠷ᠎ᠠ
ᠤᠰᠤ ᠲᠡᠭᠡᠭᠡᠱᠢ ᠤᠳᠤᠭᠠᠳ ᠪᠤᠯᠴᠢᠷᠬᠠᠢ ᠪᠣᠯᠬᠤ ᠴᠤ᠌ ᠪᠣᠢ ᠃ ᠲᠡᠭᠦᠨ ᠦ᠌ ᠶᠡᠷᠦ ᠶ᠋ᠢᠨ ᠡᠮ ᠄ ᠪᠢᠪᠢᠯᠢᠩ᠂ ᠬᠠᠷ᠎ᠠ
ᠬᠥᠬᠥᠯ ᠂ ᠰᠸᠩᠳ᠋ᠸᠩ ᠂ ᠭᠤᠷᠪᠠᠨ ᠵᠦᠢᠯ ᠦ᠋ᠨ ᠦᠷ᠎ᠡ᠂ ᠰᠢᠷ᠎ᠠ ᠤᠰᠤᠨ ᠭᠤᠷᠪᠠᠨ ᠡᠮ᠂ ᠽᠠᠳᠢ ᠂ ᠰᠢᠩᠭᠦᠨ᠂ ᠰᠦᠬᠮᠸᠯ
᠂ ᠭᠠᠭᠤᠯᠠ᠂ ᠮᠦᠽᠢ ᠂ ᠬᠠᠯᠠᠭᠤᠨ ᠢ᠋ᠶ᠋ᠠᠷ ᠨᠣᠮᠣᠬᠠᠳᠬᠠᠭᠰᠠᠨ ᠮᠥᠩᠭᠥᠨ ᠤᠰᠤ ᠶ᠋ᠢ ᠡᠷᠬᠢᠮ ᠪᠣᠯᠭᠠᠵᠤ ᠂ ᠪᠤᠰᠤᠳ
᠊ᠢ ᠬᠤᠪᠢ ᠲᠠᠭᠰᠢ ᠨᠠᠶ᠋ᠢᠷᠠᠭᠤᠯᠤᠬᠰᠠᠨ ᠡᠷᠢᠶᠡᠨ ᠪᠠᠷᠰ —15 ᠶ᠋ᠢ ᠥᠨᠢ ᠤᠳᠠᠭᠠᠨ ᠰᠢᠲᠦᠭᠦᠯᠪᠡᠰᠦ ᠲᠤᠰᠠᠯᠠᠮᠤᠢ
᠃ ᠭᠠᠳᠠᠨ᠎ᠠ ᠠ᠋ᠴᠠ ᠪᠠᠷᠠᠬᠱᠦᠢ᠍ᠨ ᠂ ᠲᠠᠭᠲᠠᠭ᠎ᠠ ᠶ᠋ᠢᠨ ᠪᠠᠭᠠᠰᠤ᠂ ᠬᠣᠨᠢᠨ ᠪᠤᠯᠴᠢᠷᠬᠠᠢ ᠶ᠋ᠢ ᠰᠢᠭᠡᠰᠦᠨ ᠳ᠋ᠦ᠍
ᠵᠢᠭᠤᠷᠠᠵᠤ ᠵᠤᠵᠠᠭᠠᠨ ᠲᠦᠷᠬᠢᠭᠰᠡᠭᠡᠷ ᠠᠮᠠᠷᠠᠤ ᠭᠠᠷᠴᠤ ᠡᠳᠡᠭᠡᠷᠡᠮᠦᠢ ᠃
ᠠᠷᠪᠠᠨ
ᠵᠢᠷᠭᠤᠭ᠎ᠠ ᠂ ᠲᠦᠯᠡᠭᠲᠡᠭᠰᠡᠨ ᠰᠢᠷᠬ᠎ᠠ ᠶ᠋ᠢ ᠵᠠᠰᠠᠬᠤ
ᠲᠦᠯᠡᠭᠲᠡᠭᠰᠡᠨ
ᠰᠢᠷᠬᠠᠨ ᠳ᠋ᠤ᠌ ᠤᠰᠤᠨ ᠤ᠋ ᠬᠥᠬᠡ ᠵᠠᠮᠠᠭ ᠊ᠢ ᠵᠤᠵᠠᠭᠠᠨ ᠨᠠᠭᠠᠯᠳᠤᠭᠤᠯᠤᠭᠠᠳ ᠤᠳᠠᠭᠠᠵᠤ ᠠᠪᠤᠮᠠᠭᠴᠠ ᠰᠤᠮᠠᠷᠠᠨᠽᠠ
᠂ ᠪᠤᠶ᠋ᠢᠭᠠᠷ ᠂ ᠵᠣᠩᠰᠢ ᠲᠡᠷᠢᠭᠦᠲᠡᠨ ᠊ᠢ ᠬᠠᠭᠤᠷᠠᠢ ᠪᠠᠷ ᠰᠠᠴᠤᠵᠤ᠂ ᠳᠡᠭᠡᠷ᠎ᠡ ᠡᠴᠡ ᠨᠢ ᠮᠣᠷᠢᠨ ᠬᠣᠮᠣᠯ ᠊ᠢ
ᠳᠠᠬᠢᠨ ᠳᠠᠬᠢᠨ ᠰᠢᠪᠡ ᠃ ᠳᠣᠲᠣᠷ ᠠ᠋ᠴᠠ ᠪᠠᠩᠽᠢ —12 ᠊ᠢ ᠬᠤᠪᠢ ᠲᠡᠭᠦᠯᠳᠡᠷ ᠢ᠋ᠶ᠋ᠡᠷ ᠥᠭ ᠃ ᠡᠰᠡ ᠴᠢᠳᠠᠪᠠᠰᠤ
ᠬᠣᠨᠢ ᠢᠮᠠᠭᠠᠨ ᠤ᠋ ᠬᠠᠯᠠᠭᠤᠨ ᠠᠷᠠᠰᠤ ᠪᠠᠷ ᠣᠷᠢᠶᠠᠪᠠᠰᠤ ᠲᠤᠰᠠᠯᠠᠮᠤᠢ ᠃
ᠦᠰᠦᠭ ᠠᠮᠢᠯᠠᠭᠤᠯᠤᠭᠴᠢ᠄ ᠦᠯᠵᠡᠶ᠋ᠢᠪᠠᠭᠠᠲᠤᠷ
ᠬᠢᠨᠠᠭᠴᠢ᠄ ᠤᠤᠠᠬᠠᠨᠰᠤ᠎ᠡ
