ᠵᠠᠩᠭᠠᠷ ᠤ᠋ᠨ ᠣᠷᠣᠰᠢᠯ ᠪᠦᠯᠦᠭ ᠦ᠋ᠨ ᠠᠷᠪᠠᠨ ᠶᠢᠰᠦᠳᠦᠭᠡᠷ ᠬᠡᠰᠡᠭᠯᠡᠯ - ᠲᠠᠪᠤᠨ ᠬᠣᠰᠢᠭᠤ ᠮᠠᠯ ᠰᠦᠷᠦᠭЖангарын оршил бөлгийн арван есдүгээр хэсэглэл-таван хошуу мал сүрэг ᠲᠤᠤᠯᠢᠰ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠠᠩᠭᠠᠷ ᠤ᠋ᠨ ᠣᠷᠣᠰᠢᠯ ᠪᠦᠯᠦᠭ ᠦ᠋ᠨ ᠠᠷᠪᠠᠨ ᠶᠢᠰᠦᠳᠦᠭᠡᠷ ᠬᠡᠰᠡᠭᠯᠡᠯ - ᠲᠠᠪᠤᠨ ᠬᠣᠰᠢᠭᠤ ᠮᠠᠯ ᠰᠦᠷᠦᠭЖангарын оршил бөлгийн арван есдүгээр хэсэглэл-таван хошуу мал сүрэг

ᠵᠠᠩᠭᠠᠷ ᠤ᠋ᠨ ᠣᠷᠣᠰᠢᠯ ᠪᠦᠯᠦᠭ ᠦ᠋ᠨ ᠠᠷᠪᠠᠨ ᠶᠢᠰᠦᠳᠦᠭᠡᠷ ᠬᠡᠰᠡᠭᠯᠡᠯ - ᠲᠠᠪᠤᠨ ᠬᠣᠰᠢᠭᠤ ᠮᠠᠯ ᠰᠦᠷᠦᠭЖангарын оршил бөлгийн арван есдүгээр хэсэглэл-таван хошуу мал сүрэг

ᠠᠩᠭᠢᠯᠠᠯ:ᠲᠤᠤᠯᠢᠰ
2023-05-21

897

ᠲᠠᠪᠤᠨ ᠬᠣᠰᠢᠭᠤ ᠮᠠᠯ ᠰᠦᠷᠦᠭ

ᠠᠯᠳᠠᠷ ᠨᠣᠶᠠᠨ ᠪᠣᠭᠳᠠ ᠵᠠᠩᠭᠠᠷ ᠤ᠋ᠨ 
ᠲᠠᠪᠤᠨ ᠬᠣᠰᠢᠭᠤ ᠮᠠᠯ ᠰᠦᠷᠦᠭ ᠊ᠢ 
ᠡᠨᠳᠡ ᠰᠠᠭᠤᠭᠰᠠᠨ ᠲᠠᠨᠠᠷ ᠲᠠᠭᠠᠨ ᠬᠡᠯᠡᠭᠡᠳ ᠦᠵᠡᠳᠡᠭ ᠪᠣᠯᠬᠤᠯ᠎ᠠ ᠂
ᠨᠠᠷᠠᠨ ᠳᠣᠣᠷ᠎ᠠ ᠨᠢ ᠪᠣᠯᠬᠤᠯ᠎ᠠ ᠭᠡᠨ᠎ᠡ ᠯᠡ ᠂
ᠨᠠᠶᠠᠨ ᠵᠢᠸ᠋᠎ᠠ ᠠᠳᠤᠭᠤ ᠲᠠᠢ ᠭᠡᠨ᠎ᠡ ᠯᠡ ᠂
ᠰᠠᠷᠠᠨ ᠳᠣᠣᠷ᠎ᠠ ᠨᠢ ᠪᠣᠯᠬᠤᠯ᠎ᠠ ᠭᠡᠨ᠎ᠡ ᠯᠡ ᠂
ᠰᠠᠶ᠎ᠠ ᠵᠢᠸ᠋᠎ᠠ ᠠᠳᠤᠭᠤ ᠲᠠᠢ ᠭᠡᠨ᠎ᠡ ᠯᠡ 
ᠪᠣᠭᠣᠮᠲᠠ ᠶ᠋ᠢᠨ ᠡᠬᠢᠨ ᠳ᠋ᠡᠭᠡᠨ ᠪᠤᠮᠠᠨ ᠴᠠᠭᠠᠨ ᠬᠣᠨᠢ ᠲᠠᠢ ᠭᠡᠨ᠎ᠡ ᠯᠡ ᠂
ᠲᠥᠩᠭᠡᠲᠤ ᠶ᠋ᠢᠨ ᠡᠬᠢᠨ ᠳ᠋ᠡᠭᠡᠨ ᠲᠦᠮᠡᠨ ᠴᠠᠭᠠᠨ ᠲᠡᠮᠡᠭᠡ ᠲᠡᠢ ᠭᠡᠨ᠎ᠡ ᠯᠡ ᠂
ᠠᠲᠠᠷᠤᠭ᠎ᠠ ᠪᠠᠷ ᠳᠦᠭᠦᠷᠡᠩ ᠠᠳᠤᠭᠤ ᠲᠠᠢ ᠭᠡᠨ᠎ᠡ ᠯᠡ ᠂
ᠠᠯᠠᠭ ᠰᠠᠢᠬᠠᠨ ᠠᠵᠢᠷᠭ᠎ᠠ ᠲᠠᠢ ᠭᠡᠨ᠎ᠡ ᠯᠡ 
ᠬᠣᠲᠠ ᠪᠠᠷ ᠳᠦᠭᠦᠷᠡᠩ ᠬᠤᠢ ᠢᠮᠠᠭ᠎ᠠ ᠲᠠᠢ ᠭᠡᠨ᠎ᠡ ᠯᠡ ᠂
ᠬᠣᠣ ᠭᠠᠯᠵᠠᠨ ᠬᠤᠴᠠ ᠲᠡᠭᠡ ᠲᠡᠢ ᠭᠡᠨ᠎ᠡ ᠯᠡ ᠂
ᠦᠯᠥᠩ ᠢ᠋ᠶ᠋ᠡᠷ ᠳᠦᠭᠦᠷᠡᠩ ᠦᠬᠡᠷ ᠲᠡᠢ ᠭᠡᠨ᠎ᠡ ᠯᠡ ᠂
ᠥᠨᠳᠥᠷ ᠤᠯᠠᠭᠠᠨ ᠪᠤᠬ᠎ᠠ ᠲᠠᠢ ᠭᠡᠨ᠎ᠡ ᠯᠡ ᠂
ᠲᠡᠰᠬᠡᠨ᠎ᠡ ᠪᠡᠷ ᠳᠦᠭᠦᠷᠡᠩ ᠲᠡᠮᠡᠭᠡ ᠲᠡᠢ ᠭᠡᠨ᠎ᠡ ᠯᠡ ᠂
ᠳᠡᠭᠡᠯ ᠭᠠᠯᠵᠠᠨ ᠪᠤᠤᠷ᠎ᠠ ᠲᠠᠢ ᠭᠡᠨ᠎ᠡ ᠯᠡ ᠂
ᠲᠠᠩᠰᠤᠭ ᠪᠤᠮᠪᠠ ᠶ᠋ᠢᠨ ᠣᠷᠣᠨ ᠳ᠋ᠠᠭᠠᠨ 
ᠲᠠᠪᠤᠨ ᠬᠣᠰᠢᠭᠤ ᠮᠠᠯ ᠰᠦᠷᠦᠭ ᠨᠢ ᠂
ᠲᠠᠯ᠎ᠠ ᠳᠦᠭᠦᠷᠡᠩ ᠪᠡᠯᠴᠢᠬ᠋ᠰᠡᠨ ᠂
ᠠᠷᠤ ᠪᠤᠮᠪᠠ ᠶ᠋ᠢᠨ ᠣᠷᠣᠨ ᠭᠡᠵᠦ ᠬᠡᠯᠡᠳᠡᠭ ᠰᠠᠨᠵᠢ ᠭᠡᠨ᠎ᠡ ᠯᠡ ᠃


ᠦᠭᠡᠰ ᠦ᠋ᠨ ᠲᠠᠶ᠋ᠢᠯᠪᠤᠷᠢ 
1
᠂ ᠰᠠᠶ᠎ᠠ — ᠵᠠᠭᠤᠨ ᠲᠦᠮᠡ ᠃
2. 
ᠵᠢᠸ᠋᠎ᠠ — ᠮᠢᠩᠭᠠᠨ ᠲᠦᠮᠡ ᠃
3.
ᠬᠤᠢ — ᠤᠶ᠋ᠢᠷᠠᠳ ᠮᠣᠩᠭᠣᠯ ᠬᠡᠯᠡ ᠪᠡᠷ ᠬᠣᠨᠢ ᠶ᠋ᠢ( ᠬᠤᠢ) ᠬᠡᠯᠡᠳᠡᠭ 
4. 
ᠦᠯᠥᠩ — ᠠᠭᠤᠯᠠ ᠲᠤᠯᠤᠭᠠᠳ ᠤ᠋ᠨ ᠥᠪᠥᠷ ᠡᠩᠭᠡᠷ ᠪᠠᠯ ᠳ᠋ᠤ᠌ ᠪᠠᠶ᠋ᠢᠬᠤ
ᠤᠰᠤ ᠡᠪᠡᠰᠦ ᠤᠷᠭᠤᠮᠠᠯ ᠪᠡᠯᠴᠢᠭᠡᠷ ᠰᠠᠢᠨ ᠬᠤᠩᠬᠤᠷᠲᠠᠭᠤ ᠳᠥᠭᠥᠮ ᠭᠠᠵᠠᠷ ᠃
5
᠂ ᠲᠡᠰᠬᠡᠨ᠎ᠡ —5. ᠲᠡᠰᠬᠡᠨ᠎ᠡ — ᠰᠢᠮ᠎ᠡ ᠰᠠᠶ᠋ᠢᠲᠠᠢ ᠪᠤᠲᠠᠯᠠᠭ ᠤᠷᠭᠤᠮᠠᠯ ᠂ ᠲᠠᠰᠬᠢ ᠭᠡᠳᠡᠭ ᠪᠣᠳᠠᠯᠠᠭ ᠤᠷᠭᠤᠮᠠᠯ ᠤᠨᠴᠤᠭᠠᠢ ᠶᠡᠬᠡ ᠰᠠᠢᠬᠠᠨ ᠤᠷᠭᠤᠭᠰᠠᠨ ᠭᠠᠵᠠᠷ ᠃
6. 
ᠳᠡᠭᠡᠯ ᠭᠠᠯᠵᠠᠨ — ᠬᠠᠮᠠᠷ ᠠ᠋ᠴᠠ ᠪᠠᠨ ᠦᠷᠪᠥᠯᠭᠡ ᠬᠦᠷᠲᠡᠯ᠎ᠡ ᠪᠡᠨ ᠴᠠᠭᠠᠨ ᠪᠤᠭᠤᠷᠤᠯ ᠦᠰᠦᠲᠡᠢ ᠂ ᠯᠤᠤ ᠮᠡᠲᠦ ᠤᠷᠲᠤ ᠬᠦᠵᠦᠭᠦᠦ ᠲᠡᠢ ᠬᠠᠮᠠᠷ ᠬᠠᠯᠵᠠᠨ ᠃


   2023 
ᠣᠨ ᠤ᠋5 ᠰᠠᠷ᠎ᠠ ᠶ᠋ᠢᠨ9 ᠳ᠋ᠦ᠍ ᠡᠯᠡᠰᠦᠲᠡᠢ ᠬᠣᠲᠠ ᠳ᠋ᠤ᠌ ᠪᠢᠴᠢᠵᠦ ᠲᠡᠮᠳᠡᠭᠯᠡᠪᠡ  

      ᠂ ᠨᠠᠷᠠᠰᠤ ᠃ 

ᠲᠠᠪᠤᠨ ᠬᠣᠰᠢᠭᠤ ᠮᠠᠯ ᠰᠥᠷᠦᠭ ᠤᠨ ᠲᠠᠢᠯᠤᠮᠵᠢ