ᠥᠨᠳᠡᠭᠡ ᠬᠠᠳᠠᠭᠠᠯᠠᠬᠤ ( ᠬᠡᠯᠡ ᠪᠢᠴᠢᠭ – ᠶᠢᠰᠦᠳᠦᠭᠡᠷ ᠳᠡᠪᠲᠡᠷ)Өндөг хадгалах( Хэл бичиг – Есдүгээр дэвтэр)
ᠥᠨᠳᠡᠭᠡ ᠬᠠᠳᠠᠭᠠᠯᠠᠬᠤ
ᠪᠢᠴᠢᠬᠠᠨ ᠨᠥᠬᠥᠳ ᠠ᠋᠂ ᠪᠢᠳᠡ ᠠᠯᠢᠪᠠ ᠶᠠᠭᠤᠮ᠎ᠠ ᠶ᠋ᠢ ᠰᠣᠨᠢᠷᠬᠠᠨ ᠦᠵᠡᠵᠦ᠂ ᠢᠯᠡᠭᠦᠦ ᠰᠤᠳᠤᠯᠵᠤ ᠯᠠ ᠪᠠᠶ᠋ᠢᠪᠠᠯ ᠡᠯ᠎ᠡ ᠲᠠᠯ᠎ᠠ ᠶ᠋ᠢᠨ ᠮᠡᠳᠡᠯᠭᠡ ᠶ᠋ᠢ ᠰᠤᠷᠴᠤ ᠮᠠᠨ ᠤ᠋ ᠮᠡᠳᠡᠯᠭᠡ ᠶ᠋ᠢᠨ ᠬᠡᠪᠴᠢᠶ᠎ᠡ ᠥᠷᠭᠡᠵᠢᠬᠦ ᠶᠦ᠍ᠮ᠃ ᠡᠨᠳᠡ ᠪᠢ ᠲᠠ ᠨᠠᠷ ᠲᠤ᠌ ᠠᠮᠢᠳᠤᠷᠠᠯ ᠤ᠋ᠨ ᠮᠡᠳᠡᠯᠭᠡ ᠶ᠋ᠢᠨ ᠲᠤᠬᠠᠢ ᠲᠠᠬᠢᠶᠠᠨ ᠥᠨᠳᠡᠭᠡ ᠬᠠᠳᠠᠭᠠᠯᠠᠬᠤ ᠠᠷᠭ᠎ᠠ ᠶ᠋ᠢ ᠬᠡᠯᠡᠵᠦ ᠦᠭᠭᠦᠶ᠎ᠡ ᠃
ᠪᠢᠳᠡ ᠬᠤᠪᠴᠠᠰᠤ ᠬᠤᠨᠠᠷ ᠢ᠋ᠶ᠋ᠠᠨ ᠤᠭᠠᠨ ᠴᠡᠪᠡᠷᠯᠡᠭᠡᠳ ᠬᠤᠷᠢᠶᠠᠪᠠᠯ ᠴᠡᠪᠡᠷᠬᠡᠨ ᠰᠠᠢᠬᠠᠨ ᠪᠠᠶ᠋ᠢᠲᠠᠭ ᠶᠤᠮ᠃ ᠭᠡᠲᠡᠯ᠎ᠡ ᠰᠢᠨ᠎ᠡ ᠥᠨᠳᠡᠭᠡ ᠶ᠋ᠢ ᠤᠭᠠᠨ ᠴᠡᠪᠡᠷᠯᠡᠭᠡᠳ ᠬᠠᠳᠠᠭᠠᠯᠠᠪᠠᠯ ᠭᠡᠳᠡᠷᠭᠡᠨ ᠬᠠᠷᠢᠨ ᠠᠮᠠᠷᠬᠠᠨ ᠡᠪᠳᠡᠷᠡᠳᠡᠭ᠃
ᠲᠠᠬᠢᠶᠠᠨ ᠥᠨᠳᠡᠭᠡ ᠪᠣᠯ ᠤᠯᠠᠭᠠᠪᠲᠤᠷᠬᠠᠠ ᠬᠤᠸᠠ ᠥᠩᠭᠡ ᠲᠡᠢ᠂ ᠭᠣᠶᠣ ᠰᠠᠢᠬᠠᠨ ᠭᠥᠯᠢᠭᠡᠷ ᠬᠠᠯᠢᠰᠤ ᠲᠠᠢ ᠬᠠᠷᠠᠭᠳᠠᠳᠠᠭ ᠶᠤᠮ᠃ ᠭᠡᠪᠡᠴᠦ ᠲᠡᠭᠦᠨ ᠊ᠢ ᠲᠣᠳᠣᠳᠬᠠᠭᠴᠢ ᠰᠢᠯ ᠦ᠋ᠨ ᠳᠣᠣᠷ᠎ᠠ ᠲᠠᠯᠪᠢᠭᠠᠳ ᠦᠵᠡᠪᠡᠯ᠂ ᠬᠠᠯᠢᠰᠤ ᠳᠦᠭᠦᠷᠡᠩ ᠵᠢᠵᠢᠭ ᠨᠦᠬᠡ ᠲᠡᠢ ᠪᠠᠶ᠋ᠢᠲᠠᠭ᠃
ᠰᠠᠶᠢᠬᠠᠨ ᠥᠨᠳᠡᠭᠡᠯᠡᠭᠰᠡᠨ ᠥᠨᠳᠡᠭᠡ ᠶ᠋ᠢᠨ ᠬᠠᠯᠢᠰᠤᠨ ᠳᠡᠭᠡᠷ᠎ᠡ ᠨᠢᠭᠡᠨ ᠳᠠᠪᠬᠤᠷ ᠨᠢᠯᠴᠠᠭᠠᠢ ᠪᠣᠳᠠᠰ ᠪᠦᠷᠬᠦᠭᠡᠳ ᠲᠡᠳᠡᠭᠡᠷ ᠵᠢᠵᠢᠭ ᠨᠦᠬᠡ ᠶ᠋ᠢ ᠨᠢ ᠪᠥᠭᠯᠡᠵᠦ ᠪᠠᠶ᠋ᠢᠲᠠᠭ᠃ ᠡᠨᠡ ᠬᠦ ᠨᠢᠯᠴᠠᠭᠠᠢ ᠪᠣᠳᠠᠰ ᠨᠢ ᠤᠰᠤᠨ ᠳ᠋ᠤ᠌ ᠠᠭᠤᠰᠳᠠᠭ ᠲᠤᠯᠠ ᠥᠨᠳᠡᠭᠡ ᠶ᠋ᠢ ᠤᠰᠤᠨ ᠳ᠋ᠤ᠌ ᠤᠭᠠᠪᠠᠯ ᠲᠡᠭᠦᠨ ᠊ᠢ ᠨᠢ ᠤᠭᠠᠨ ᠤᠨᠠᠭᠠᠴᠢᠬᠠᠳᠠᠭ ᠶᠤᠮ᠃ ᠢᠩᠭᠢᠬᠦᠯᠡᠷ ᠲᠡᠳᠡᠭᠡᠷ ᠵᠢᠵᠢᠭ ᠨᠦᠬᠡ ᠪᠡᠷ ᠶᠠᠭ ᠰᠢᠯ ᠨᠢ ᠬᠠᠭᠠᠷᠠᠭᠰᠠᠨ ᠴᠣᠩᠬᠣ ᠪᠠᠷ ᠬᠦᠢᠲᠡᠨ ᠰᠠᠯᠬᠢ᠂ ᠪᠠᠺᠲ᠋ᠧᠷᠢ ᠳᠤᠷ᠎ᠠ ᠮᠡᠳᠡᠨ ᠣᠷᠣᠬᠤ ᠲᠠᠢ ᠠᠳᠠᠯᠢ ᠪᠠᠷ ᠥᠨᠳᠡᠭᠡᠨ ᠳ᠋ᠦ᠍ ᠴᠦ᠍ ᠡᠳᠡᠭᠡᠷ ᠵᠦᠢᠯ ᠦ᠋ᠨ ᠶᠠᠭᠤᠮ᠎ᠠ ᠳᠤᠷ᠎ᠠ ᠮᠡᠳᠡᠨ ᠣᠷᠣᠭᠠᠳ ᠥᠨᠳᠡᠭᠡ ᠶ᠋ᠢ ᠮᠠᠰᠢ ᠲᠦᠷᠭᠡᠨ ᠡᠪᠳᠡᠷᠡᠭᠦᠯᠳᠡᠭ ᠶᠦ᠍ᠮ᠃
ᠪᠢᠳᠡ ᠲᠠᠬᠢᠶᠠᠨ ᠥᠨᠳᠡᠭᠡ ᠪᠡᠨ ᠡᠪᠳᠡᠷᠡᠭᠦᠯᠬᠦ ᠦᠭᠡᠢ ᠂ ᠤᠳᠠᠭᠠᠨ ᠬᠠᠳᠠᠭᠠᠯᠠᠵᠤ ᠢᠳᠡᠶ᠎ᠡ ᠭᠡᠪᠡᠯ᠂ ᠥᠨᠳᠡᠭᠡ ᠶ᠋ᠢ ᠴᠣᠬᠣᠢ ᠲᠠᠢ ᠤᠰᠤᠨ ᠳ᠋ᠤ᠌ ᠬᠢᠵᠦ ᠲᠠᠯᠪᠢᠪᠠᠯ ᠥᠨᠳᠡᠭᠡ ᠡᠪᠳᠡᠷᠡᠬᠦ ᠦᠭᠡᠢ ᠤᠳᠠᠭᠠᠨ ᠬᠠᠳᠠᠭᠠᠯᠠᠵᠤ ᠪᠣᠯᠳᠠᠭ᠃ ᠡᠭᠦᠨ ᠳ᠋ᠦ᠍ ᠬᠣᠶᠠᠷ ᠰᠢᠯᠲᠠᠭᠠᠨ ᠪᠣᠢ᠄ ᠨᠢᠭᠡ ᠳ᠋ᠦ᠍ ᠴᠣᠬᠣᠢ ᠲᠠᠢ ᠤᠰᠤ ᠪᠠᠺᠲ᠋ᠧᠷᠢ ᠶ᠋ᠢ ᠠᠯᠠᠵᠤ ᠴᠢᠳᠠᠨ᠎ᠠ᠃ ᠬᠣᠶᠠᠷ ᠲᠤ᠌ ᠲᠠᠬᠢᠶᠠᠨ ᠥᠨᠳᠡᠭᠡ ᠪᠣᠯ ᠶᠡᠷᠦ ᠡᠴᠡ ᠪᠡᠨ ᠲᠠᠰᠤᠷᠠᠯᠲᠠ ᠦᠭᠡᠢ ᠠᠮᠢᠰᠬᠤᠵᠤ᠂ ᠵᠢᠵᠢᠭ ᠨᠦᠬᠡ ᠪᠡᠷ ᠢ᠋ᠶ᠋ᠡᠨ ᠨᠡᠭᠦᠷᠡᠰᠦᠳᠦ᠋ᠷᠦᠭᠴᠢ ᠶ᠋ᠢ ᠭᠠᠳᠠᠭᠰᠢ ᠭᠠᠷᠭᠠᠳᠠᠭ᠃ ᠭᠡᠪᠡᠴᠦ ᠨᠡᠭᠦᠷᠡᠰᠦᠳᠦ᠋ᠷᠦᠭᠴᠢ ᠪᠣᠯ ᠴᠣᠬᠣᠢ ᠶ᠋ᠢᠨ ᠤᠰᠤ ᠲᠠᠢ ᠠᠭᠤᠯᠵᠠᠮᠠᠭᠴᠠ ᠴᠠᠭᠠᠨ ᠥᠩᠭᠡ ᠲᠡᠢ ᠨᠡᠭᠦᠷᠡᠰᠦᠬᠦᠢ᠍ᠴᠢᠯ ᠦ᠋ᠨ ᠺᠠᠯᠼ ᠪᠣᠯᠵᠤ ᠵᠢᠵᠢᠭ ᠨᠦᠬᠡ ᠶ᠋ᠢ ᠨᠢ ᠪᠥᠭᠯᠡᠴᠢᠬᠡᠳᠡᠭ ᠤᠴᠢᠷ ᠠ᠋ᠴᠠ ᠪᠠᠺᠲ᠋ᠧᠷᠢ ᠣᠷᠣᠵᠤ ᠴᠢᠳᠠᠬᠤ ᠦᠭᠡᠢ ᠪᠣᠯᠴᠢᠬᠠᠳᠠᠭ᠃
ᠡᠨᠡ ᠪᠣᠯ ᠲᠠᠬᠢᠶᠠᠨ ᠥᠨᠳᠡᠭᠡ ᠬᠠᠳᠠᠭᠠᠯᠠᠬᠤ ᠮᠠᠰᠢ ᠰᠠᠢᠨ ᠠᠷᠭ᠎ᠠ ᠶᠤᠮ᠂ ᠪᠠᠭ᠎ᠠ ᠨᠥᠬᠥᠳ ᠮᠢᠨᠢ ᠲᠤᠷᠰᠢᠵᠤ ᠦᠵᠡᠭᠡᠷᠡᠢ᠃
ᠢᠷᠡᠯᠲᠡ ᠄
ᠲᠠᠪᠤᠨ ᠵᠢᠯ ᠦ᠋ᠨ ᠳᠦᠷᠢᠮᠲᠦ ᠪᠠᠭ᠎ᠠ ᠰᠤᠷᠭᠠᠭᠤᠯᠢ ᠳ᠋ᠤ᠌ ᠦᠵᠡᠬᠦ < ᠬᠡᠯᠡ ᠪᠢᠴᠢᠭ > ᠶᠢᠰᠦᠳᠦᠭᠡᠷ ᠳᠡᠪᠲᠡᠷ ※
ᠥᠪᠥᠷ ᠮᠣᠩᠭᠣᠯ ᠤ᠋ᠨ ᠰᠤᠷᠭᠠᠨ ᠬᠥᠮᠦᠵᠢᠯ ᠦ᠋ᠨ ᠬᠡᠪᠯᠡᠯ ᠦ᠋ᠨ ᠬᠣᠷᠢᠶ᠎ᠠ ᠨᠠᠶ᠋ᠢᠷᠠᠭᠤᠯᠤᠨ ᠬᠡᠪᠯᠡᠭᠦᠯᠪᠡ
ᠥᠪᠥᠷ ᠮᠣᠩᠭᠣᠯ ᠤ᠋ᠨ ᠰᠢᠨᠬᠤᠸᠠ ᠨᠣᠮ ᠤ᠋ᠨ ᠳᠡᠯᠭᠡᠭᠦᠷ ᠲᠠᠷᠬᠠᠭᠠᠪᠠ
ᠥᠪᠥᠷ ᠮᠣᠩᠭᠣᠯ ᠤ᠋ᠨ ᠮᠣᠩᠭᠣᠯ ᠪᠢᠴᠢᠭ ᠬᠡᠪᠯᠡᠬᠦ ᠦᠢᠯᠡᠳᠪᠦᠷᠢ ᠬᠡᠪᠯᠡᠪᠡ
1981 ᠣᠨ ᠤ᠋ 5 ᠰᠠᠷ᠎ᠠ ᠳ᠋ᠤ᠌ ᠬᠣᠶᠠᠳᠤᠭᠠᠷ ᠬᠡᠪ ᠢ᠋ ᠬᠢᠪᠡ
1984 ᠣᠨ ᠤ᠋ 4 ᠰᠠᠷ᠎ᠠ ᠳ᠋ᠤ᠌ ᠳᠥᠷᠪᠡᠳᠦᠭᠡᠷ ᠤᠳᠠᠭ᠎ᠠ ᠶ᠋ᠢᠨ ᠬᠡᠪᠯᠡᠯ ᠡᠴᠡ ᠰᠣᠩᠭᠣᠪᠠ ᠃
※ ᠤᠭᠠᠨ ᠂ ᠤᠭᠠᠪᠠᠯ ᠵᠡᠷᠭᠡ ᠦᠭᠡ ᠶᠢ ᠤᠤᠯ ᠬᠡᠪᠯᠡᠯ ᠦᠨ ᠶᠣᠰᠣᠭᠠᠷ ᠬᠠᠭᠤᠯᠤᠨ ᠪᠢᠴᠢᠪᠡ᠃
ᠦᠰᠦᠭ ᠠᠮᠢᠯᠠᠭᠤᠯᠤᠭᠴᠢ ᠄ ᠪᠣᠷᠵᠢᠭᠢᠨ ᠨᠠᠷᠠᠠᠭᠡᠷᠡᠯ
ᠬᠢᠨᠠᠭᠴᠢ ᠄ ᠲᠣ᠋ · ᠨᠠᠨᠳᠢᠨ
2023.03.16