ᠠᠳᠤᠭᠤᠴᠢᠨ ᠪᠦᠷᠭᠦᠳ - ᠮ ᠂ ᠠᠰᠠᠷ Адуучин бүргэд - М ᠂ Асар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠳᠤᠭᠤᠴᠢᠨ ᠪᠦᠷᠭᠦᠳ - ᠮ ᠂ ᠠᠰᠠᠷ Адуучин бүргэд - М ᠂ Асар

ᠠᠳᠤᠭᠤᠴᠢᠨ ᠪᠦᠷᠭᠦᠳ - ᠮ ᠂ ᠠᠰᠠᠷ Адуучин бүргэд - М ᠂ Асар

2023-05-21

281

ᠠᠳᠤᠭᠤᠴᠢᠨ ᠪᠦᠷᠭᠦᠳ

       
                                               ᠮ ᠂  ᠠᠰᠠᠷ     

     ᠵᠡᠷᠭᠡᠴᠡᠨ ᠪᠠᠭᠤᠭᠰᠠᠨ  ᠠᠢᠯ ᠤ᠋ᠳ ᠤ᠋ᠨ ᠪᠠᠷᠠᠭᠤᠨ ᠵᠠᠬ᠎ᠠ ᠶ᠋ᠢᠨ ᠭᠡᠷ ᠡᠴᠡ ᠬᠠᠨᠴᠤᠢ ᠪᠠᠨ ᠲᠣᠬᠣᠢ ᠳ᠋ᠠᠭᠠᠨ ᠬᠦᠷᠲᠡᠯ᠎ᠡ ᠰᠢᠮᠠᠯᠠᠭᠰᠠᠨ ᠬᠥᠷᠥᠰᠥᠯᠢᠭ ᠬᠠᠷ᠎ᠠ ᠬᠦᠦ ᠭᠠᠷᠴᠤ ᠢᠷᠡᠭᠡᠳ ᠂ ᠬᠠᠲᠠᠪᠴᠢᠨ ᠤ᠋ ᠪᠠᠷᠠᠭᠤᠨᠲᠠᠢ ᠠ᠋ᠴᠠ ᠭᠣᠵᠣᠭᠣᠷ ᠪᠦᠭᠦᠷᠭᠡ ᠲᠡᠢ ᠤᠵᠢᠷᠭᠠᠨ ᠡᠮᠡᠭᠡᠯ  ᠊ᠢ ᠪᠠᠷᠠᠭᠤᠨ ᠭᠠᠷ ᠲᠠᠭᠠᠨ ᠠᠪᠴᠤ ᠂ ᠬᠠᠨ᠎ᠠ ᠲᠦᠰᠢᠭᠦᠯᠦᠭᠰᠡᠨ ᠭᠤᠢᠪᠡᠷ ᠪᠡᠬᠢ ᠲᠠᠲᠠᠭᠠᠷᠢ ᠲᠠᠢ ᠂ ᠭᠤᠰᠢᠯᠵᠢᠮ᠎ᠠ ᠰᠢᠯᠤᠭᠤᠨ ᠴᠡᠭᠡᠵᠢ ᠲᠡᠢ ᠬᠤᠯᠤᠰᠤᠨ ᠤᠷᠭ᠎ᠠ ᠶ᠋ᠢ ᠵᠡᠭᠦᠨ ᠭᠠᠷ ᠢ᠋ᠶ᠋ᠠᠷ ᠰᠢᠭᠦᠷᠡᠨ ᠂ ᠤᠶᠠᠭ᠎ᠠ ᠲᠣᠭᠣᠷᠢᠨ ᠰᠣᠷᠲᠣᠯᠵᠠᠭᠰᠠᠨ ᠰᠤᠭᠤ ᠰᠠᠢᠬᠠᠨ ᠬᠤᠯᠤᠰᠤᠨ ᠰᠢᠷᠭ᠎ᠠ ᠶ᠋ᠢ ᠴᠢᠭᠯᠡᠵᠦ ᠂ ᠥᠷᠭᠡᠨ ᠲᠡᠭᠰᠢ ᠮᠥᠷᠥ ᠪᠡᠨ ᠬᠡᠯᠪᠡᠯᠵᠡᠭᠦᠯᠦᠨ ᠂ ᠠᠯᠲᠠ ᠳᠡᠯᠢᠮ ᠢ᠋ᠶ᠋ᠡᠷ ᠠᠯᠬᠤᠯᠠᠨ᠎ᠠ ᠃  
      ᠨᠣᠭᠣᠭᠠᠨ ᠳᠤᠷᠳᠤᠩ ᠪᠦᠰᠡ ᠪᠡᠷ ᠬᠣᠷᠮᠣᠢ ᠶ᠋ᠢ ᠨᠢ ᠡᠪᠦᠳᠦᠭ ᠲᠤᠯᠲᠠᠯ᠎ᠠ ᠠᠭᠰᠠᠨ ᠬᠥᠭᠡᠷᠦᠭᠦᠯᠦᠭᠰᠡᠨ ᠴᠡᠩᠬᠡᠷ ᠴᠢᠰᠴᠦ ᠲᠡᠷᠯᠢᠭ ᠦ᠋ᠨ ᠭᠡᠭᠡᠪᠲᠦᠷ ᠥᠩᠭᠡ ᠨᠢ ᠴᠢᠮᠡᠳ ᠦ᠋ᠨ ᠬᠦᠳᠡᠷ ᠪᠢᠷᠠᠯᠢᠭ ᠪᠡᠶ᠎ᠡ ᠭᠠᠳᠠᠷ ᠲᠠᠢ ᠠᠷᠠᠢ ᠲᠡᠩᠴᠡᠮ᠎ᠡ ᠦᠭᠡᠢ ᠰᠠᠨᠠᠭᠳᠠᠪᠠᠴᠤ ᠂ ᠨᠣᠭᠣᠭᠠᠨ ᠭᠦᠮ ᠢ᠋ᠶ᠋ᠡᠷ ᠴᠢᠮᠬᠢᠨ ᠬᠠᠪᠴᠢᠶᠠᠷᠢᠯᠠᠭᠰᠠᠨ ᠰᠡᠪᠬᠢᠨ ᠭᠤᠲᠤᠯ ᠤ᠋ᠨ ᠢ᠋ᠶ᠋ᠠᠨ ᠲᠦᠷᠡᠢ ᠡᠴᠡ ᠮᠠᠨᠤᠬᠤ ᠶ᠋ᠢᠨ ᠰᠣᠷᠣᠭᠤᠯ ᠴᠤᠬᠤᠢᠯᠭᠠᠨ ᠂  ᠨᠠᠢ᠍ᠮᠠᠨ ᠥᠨᠴᠥᠭᠲᠡᠢ ᠬᠦᠷᠡᠩ ᠮᠠᠯᠠᠭᠠᠢ ᠶ᠋ᠢ ᠪᠠᠷᠠᠭᠤᠨ ᠬᠥᠮᠥᠰᠬᠡ ᠤᠷᠤᠭᠤ ᠪᠠᠨ ᠢᠪ ᠪᠠᠭᠤᠲᠠᠯ᠎ᠠ ᠬᠠᠵᠠᠭᠠᠢ ᠳᠠᠷᠤᠵᠤ ᠂ ᠲᠡᠭᠦᠨ ᠦ᠌ ᠳᠣᠭᠤᠤᠷ ᠬᠠᠷ᠎ᠠ ᠴᠠᠭᠠᠨ ᠨᠢ ᠬᠣᠣᠰᠯᠠᠭᠰᠠᠨ ᠳᠤᠷᠠᠨ ᠬᠣᠶᠠᠷ ᠨᠢᠳᠦ ᠶ᠋ᠢ ᠡᠷᠪᠡᠭᠡᠨᠡᠭᠦᠯᠦᠨ ᠬᠠᠷᠠᠬᠤ ᠨᠢ ᠵᠠᠯᠠᠭᠤ ᠡᠷ᠎ᠡ ᠶ᠋ᠢᠨ ᠳᠡᠭᠵᠢᠨ ᠪᠠᠢᠳᠠᠯ ᠢ᠋ ᠬᠠᠷᠠᠭᠤᠯᠵᠠᠢ᠃  
      ᠬᠤᠰᠤᠨ ᠤᠷᠭ᠎ᠠ ᠪᠠᠨ ᠲᠤᠯᠵᠤ ᠂ ᠬᠤᠯᠤᠰᠤᠨ ᠰᠢᠷᠭ᠎ᠠ ᠳ᠋ᠠᠭᠠᠨ ᠮᠣᠷᠳᠠᠨ ᠂ ᠲᠠᠰᠢᠶᠠᠯᠳᠤᠵᠤ ᠰᠠᠭᠤᠭᠠᠳ ᠪᠠᠢᠨ ᠪᠠᠢᠨ ᠢᠰᠬᠡᠷᠴᠦ ᠂ ᠬᠠᠶᠠ ᠬᠠᠶᠠ ᠳᠠᠭᠤᠯᠠᠨ ᠂ ᠠᠭᠲᠠ ᠮᠣᠷᠢᠨ ᠤ᠋ ᠰᠠᠨᠠᠭᠠᠨ ᠲᠠᠪᠠ ᠪᠠᠷ ᠠᠯᠬᠤᠭᠤᠯᠤᠭᠰᠠᠭᠠᠷ ᠡᠮᠦᠨ᠎ᠡ ᠵᠦᠭ ᠲᠦ᠍ ᠣᠳᠤᠨ᠎ᠠ᠃ 
      ᠬᠤᠯᠤᠰᠤᠨ ᠰᠢᠷᠭ᠎ᠠ ᠮᠣᠷᠢ ᠨᠢ ᠴᠢᠬᠢ ᠰᠣᠯᠪᠢᠨ ᠰᠡᠩᠬᠡᠯᠵᠡᠵᠦ ᠂ ᠬᠤᠰᠤᠨ ᠤᠷᠭ᠎ᠠ ᠶ᠋ᠢᠨ ᠬᠢᠨᠢ ᠦᠵᠦᠭᠦᠷ ᠰᠠᠵᠢᠯᠠᠭ᠎ᠠ ᠲᠠᠭᠠᠷᠠᠨ ᠨᠠᠬᠢᠯᠵᠠᠨ᠎ᠠ ᠃ 
      ᠴᠢᠮᠡᠳ ᠂ ᠴᠡᠴᠡᠭᠲᠦ ᠲᠠᠯ᠎ᠠ ᠶ᠋ᠢᠨ ᠳᠤᠮᠳᠠᠭᠤᠷ ᠴᠢᠩᠭᠢᠨᠠᠨ ᠵᠢᠩᠭᠢᠨᠡᠲᠡᠯ᠎ᠡ ᠢᠰᠬᠡᠷᠦᠭᠰᠡᠭᠡᠷ ᠠᠳᠤᠭᠤᠨ ᠤ᠋ ᠪᠠᠨ ᠳᠡᠷᠭᠡᠳᠡ ᠬᠦᠷᠴᠦ ᠂ ᠨᠠᠭᠠᠭᠤᠷ ᠴᠠᠭᠠᠭᠤᠷ ᠨᠢ ᠬᠡᠳᠦ ᠡᠷᠭᠢᠨ ᠂ ᠨᠠᠮ ᠥᠨᠳᠥᠷ ᠬᠡᠳᠦᠨᠲᠡ ᠬᠠᠰᠬᠢᠷᠴᠤ ᠂ ᠠᠳᠤᠭᠤ ᠪᠠᠨ ᠰᠢᠬᠠᠵᠤ ᠲᠠᠯ᠎ᠠ ᠶᠢᠨ ᠬᠣᠲᠣᠭᠣᠷ ᠲᠤ᠌ ᠣᠷᠣᠭᠤᠯᠤᠨ᠎ᠠ ᠃ ᠠᠭᠰᠤᠮ ᠰᠢᠷᠭ᠎ᠠ ᠮᠣᠷᠢ ᠪᠠᠨ ᠲᠡᠭᠦᠨ ᠦ᠌ ᠨᠠᠭᠠᠨ᠎ᠠ ᠴᠢᠳᠥᠷᠯᠡᠵᠦ ᠂ ᠠᠳᠤᠭᠤᠨ ᠤ᠋ ᠵᠣᠭᠰᠣᠭᠠᠯ ᠤ᠋ᠨ ᠬᠣᠢᠨᠠᠬᠠᠨ ᠵᠦᠯᠭᠡᠨ ᠳ᠋ᠦ᠍ ᠬᠣᠷᠮᠣᠢ ᠪᠠᠨ ᠳᠡᠪᠢᠰᠴᠦ ᠵᠠᠪᠢᠯᠠᠨ ᠰᠠᠭᠤᠭᠠᠳ ᠂ ᠤᠷᠭ᠎ᠠ ᠪᠠᠨ ᠲᠠᠲᠠᠵᠤ ᠂ ᠬᠤᠢᠪᠢ ᠪᠠᠨ ᠡᠷᠴᠢᠮᠯᠡᠬᠦ ᠶ᠋ᠢᠨ ᠵᠠᠭᠤᠷ᠎ᠠ ᠠᠳᠤᠭᠤᠨ ᠵᠦᠭ ᠢ᠋ᠶ᠋ᠡᠨ ᠪᠠᠢᠨ ᠳᠠᠬᠢᠨ ᠨᠢᠳᠦ ᠬᠠᠶᠠᠨ᠎ᠠ ᠃  
      ᠦᠳᠡᠰᠢ ᠶ᠋ᠢᠨ ᠰᠡᠷᠢᠭᠦᠨ ᠦ᠌ ᠠᠳᠤᠭᠤ ᠂ ᠵᠠᠷᠢᠮ ᠨᠢ ᠬᠠᠷᠢᠯᠴᠠᠨ ᠴᠢᠮᠬᠢᠯᠡᠵᠦ ᠵᠠᠷᠢᠮ ᠨᠢ ᠵᠥᠭᠡᠯᠡᠨ ᠭᠠᠵᠠᠷ ᠢ᠋ ᠡᠷᠢᠵᠦ ᠬᠡᠳᠦ ᠳᠠᠪᠠᠲᠠᠯ᠎ᠠ ᠬᠥᠷᠪᠡᠨ ᠂ ᠴᠢᠯᠡᠭᠡ ᠪᠡᠨ ᠭᠠᠷᠭᠠᠨ ᠲᠠᠭᠠᠯᠠᠮᠵᠢᠲᠠᠢᠬᠠᠨ ᠰᠤᠨᠢᠶᠠᠭᠠᠳ ᠂ ᠰᠣᠷᠭᠣᠭ ᠨᠣᠭᠣᠭᠠᠨ ᠤ᠋ ᠰᠤᠷ ᠢ᠋ ᠰᠢᠮᠡᠲᠡᠢᠬᠡᠨ ᠬᠠᠵᠠᠯᠠᠨ᠎ᠠ ᠃ ᠭᠠᠭᠴᠠᠬᠦ ᠤᠨᠠᠭ᠎ᠠ ᠰᠠᠷᠪᠠᠭ᠎ᠠ ᠨᠤᠭᠤᠳ ᠨᠣᠴᠣᠯᠳᠤᠨ ᠨᠤᠤᠯᠤᠯᠳᠤᠨ ᠴᠣᠪᠬᠣᠴᠢᠨ ᠪᠣᠰᠴᠤ ᠂ ᠨᠡᠰᠢ ᠴᠠᠰᠢ ᠳᠠᠪᠬᠢᠯᠳᠤᠨ ᠲᠣᠭᠯᠠᠭᠠᠳ ᠠᠮᠤᠷ ᠪᠠᠢᠬᠤ ᠦᠭᠡᠢ ᠃ ᠴᠢᠮᠡᠳ ᠤᠨ ᠪᠣᠢ ᠳ᠋ᠤ᠌ ᠠᠳᠤᠭᠤ ᠨᠢ ᠲᠦᠰᠢᠭ ᠲᠡᠢ ᠪᠣᠯᠤᠨ ᠨᠠᠮ ᠵᠢᠮ ᠬᠥᠯᠯᠡᠨ ᠲᠣᠭᠲᠠᠵᠤ ᠂ ᠴᠢᠮᠡᠳ ᠴᠦ᠍ ᠬᠤᠯᠤᠰᠤᠨ ᠰᠢᠷᠭ᠎ᠠ ᠳ᠋ᠠᠭᠠᠨ ᠪᠠᠷᠳᠠᠮ ᠢᠲᠡᠭᠡᠵᠦ ᠂ ᠠᠳᠤᠭᠤ ᠪᠠᠨ ᠰᠡᠳᠬᠢᠯ ᠲᠠᠯᠪᠢᠭᠤᠨ ᠮᠠᠨᠠᠵᠤ ᠰᠠᠭᠤᠨ᠎ᠠ ᠃  
      ᠬᠣᠲᠣᠭᠣᠷ ᠳᠦᠭᠦᠷᠡᠩ ᠠᠳᠤᠭᠤ ᠨᠢ ᠢᠨᠴᠠᠭᠯᠠᠨ ᠲᠤᠷᠭᠢᠯᠠᠨ ᠢᠳᠡᠰᠢᠯᠡᠬᠦ ᠳ᠋ᠦ᠍ ᠬᠤᠯᠤᠰᠤᠨ ᠰᠢᠷᠭ᠎ᠠ ᠮᠣᠷᠢ ᠨᠢ ᠬᠡᠳᠦ ᠴᠢᠮᠬᠢᠯᠡᠭᠡᠳ ᠠᠳᠤᠭᠤᠨ ᠲᠡᠰᠢ ᠲᠡᠭᠡᠨ᠎ᠡ ᠃ 
      ᠰᠡᠪᠢᠯᠵᠡᠭᠰᠡᠨ ᠰᠠᠯᠬᠢ ᠰᠢᠷᠦᠭᠦᠰᠴᠦ ᠂ ᠰᠥᠨᠢ ᠶ᠋ᠢᠨ ᠠᠮᠢᠰᠬᠤᠯ ᠵᠢᠭᠢᠭᠦᠰᠦᠨ᠎ᠡ ᠃ ᠡᠭᠦᠯᠡᠨ ᠲᠣᠯᠣᠭᠠᠢ ᠥᠭᠰᠥᠵᠦ ᠂ ᠥᠪᠴᠢ ᠡᠩᠨᠡᠷᠡᠨ ᠨᠡᠲᠦᠢᠭᠡᠳ ᠂ ᠬᠣᠵᠢᠳ ᠤ᠋ᠨ ᠰᠠᠷᠠᠨ ᠣᠳᠣᠨ ᠲᠡᠳᠦᠢ ᠪᠦᠳᠡᠭᠢᠷᠡᠵᠦ ᠂ ᠬᠣᠯᠠᠬᠢ ᠮᠡᠴᠢᠳ ᠣᠷᠣ ᠴᠤ᠌ ᠦᠭᠡᠢ ᠪᠦᠷᠬᠦᠢᠯ᠎ᠡ ᠃ 
      ᠠᠳᠤᠭᠤᠨ ᠰᠦᠷᠦᠭ ᠳᠡᠮᠡᠢ ᠯᠡ ᠲᠡᠨᠳᠡ ᠪᠠᠭᠯᠠᠷᠠᠨ ᠢᠳᠡᠰᠢᠯᠡᠵᠦ ᠂ ᠠᠳᠤᠭᠤᠴᠢᠨ ᠡᠷ᠎ᠡ ᠲᠩᠷᠢ ᠶ᠋ᠢᠨ ᠪᠠᠢᠳᠠᠯ ᠢ᠋ ᠰᠢᠨᠵᠢᠨ᠎ᠡ ᠃  
      ᠠᠶᠤᠩᠭ᠎ᠠ ᠶ᠋ᠢᠨ ᠳᠠᠭᠤᠨ ᠠᠯᠤᠰ ᠲᠡᠷᠲᠡᠭᠡ᠎ᠡᠴᠡ ᠦᠯᠦ ᠮᠡᠳᠡᠭᠳᠡᠮ᠎ᠡ ᠳᠤᠭᠤᠯᠳᠠᠵᠤ ᠂ ᠴᠠᠬᠢᠰ ᠬᠢᠬᠦ ᠴᠠᠭᠠᠨ ᠭᠡᠷᠡᠯ ᠪᠠᠢᠨ ᠪᠠᠢᠰᠬᠢᠭᠠᠳ ᠵᠤᠷᠪᠤᠰᠯᠠᠨ᠎ᠠ ᠃ ᠤᠰᠤᠨ ᠬᠠᠷ᠎ᠠ ᠡᠭᠦᠯᠡ ᠤᠯᠠᠮ ᠠᠴᠠ ᠡᠭᠡᠳᠡᠷᠡᠨ ᠳᠠᠪᠬᠤᠴᠠᠵᠤ ᠂  ᠠᠶᠤᠩᠭ᠎ᠠ ᠶ᠋ᠢᠨ ᠳᠠᠭᠤᠨ ᠨᠡᠩ ᠨᠠᠭᠠᠰᠢᠯᠠᠨ ᠣᠢᠷᠠᠲᠤᠭᠰᠠᠭᠠᠷ ᠠᠪᠠᠷ ᠳᠡᠪᠡᠷ ᠬᠤᠷ᠎ᠠ ᠶ᠋ᠢᠨ ᠳᠤᠰᠤᠯ ᠪᠠᠭᠤᠨ᠎ᠠ ᠃ ᠴᠢᠮᠡᠳ ᠬᠡᠳᠦᠢᠨ ᠪᠣᠰᠴᠤ ᠴᠢᠳᠥᠷᠯᠡᠭᠰᠡᠨ ᠮᠣᠷᠢ ᠪᠠᠨ ᠪᠠᠷᠢᠲᠠᠯ᠎ᠠ ᠂ ᠴᠠᠬᠢᠯᠭᠠᠨ ᠬᠡᠳᠦ ᠭᠢᠯᠪᠠᠵᠤ ᠠᠶᠤᠩᠭ᠎ᠠ ᠶ᠋ᠢᠨ ᠳᠠᠭᠤᠨ ᠦᠷᠭᠦᠯᠵᠢᠯᠡᠯ᠎ᠡ ᠃ 
      ᠳᠤᠭᠤᠢᠯᠠᠨ ᠳᠡᠪᠬᠡᠴᠡᠬᠦ ᠬᠤᠯᠤᠰᠤᠨ ᠰᠢᠷᠭ᠎ᠠ ᠪᠡᠶ᠎ᠡ ᠶ᠋ᠢ ᠨᠢ ᠨᠠᠭᠠᠯᠳᠤᠨ ᠡᠷᠭᠢᠯᠳᠦᠭᠡᠳ ᠂ ᠲᠤᠷᠪᠢ ᠲᠠᠢ ᠡᠷ᠎ᠡ ᠴᠢᠮᠡᠳ ᠣᠯᠣᠩ ᠢ᠋ ᠨᠢ ᠳᠠᠩᠭᠢᠨᠠᠲᠠᠯ᠎ᠠ ᠲᠠᠲᠠᠨ᠎ᠠ ᠃ ᠲᠣᠭᠰᠢᠨ ᠠᠶᠤᠩᠭ᠎ᠠ ᠨᠢᠵᠢᠭᠢᠨᠡᠵᠦ ᠂ ᠳᠠᠭᠤᠲᠤ ᠮᠥᠨᠳᠥᠷ ᠴᠢᠳᠬᠤᠯᠠᠬᠤ ᠳ᠋ᠤ᠌ ᠂  ᠲᠣᠭᠲᠠᠭᠰᠠᠨ ᠠᠳᠤᠭᠤ ᠬᠥᠯ ᠠᠯᠳᠠᠵᠤ ᠂ ᠲᠣᠯᠣᠭᠠᠢ ᠪᠠᠨ ᠰᠡᠭᠰᠦᠷᠬᠢᠯᠡᠨ ᠬᠣᠱᠤᠤᠷᠠᠪᠠ ᠃ ᠴᠢᠮᠡᠳ ᠂ ᠬᠤᠯᠤᠰᠤᠨ ᠰᠢᠷᠭ᠎ᠠ ᠶ᠋ᠢ ᠬᠠᠷᠠᠢᠯᠭᠠᠵᠤ ᠂ ᠨᠢᠳᠦ ᠴᠢᠴᠢᠮ᠎ᠡ ᠬᠠᠷᠠᠩᠭᠤᠢ ᠶ᠋ᠢ ᠨᠠᠰᠢ ᠴᠠᠰᠢ ᠵᠦᠰᠦᠨ ᠂ ᠵᠡᠭᠦᠨ ᠢ᠋ ᠬᠤᠮᠢᠵᠤ ᠪᠠᠷᠠᠭᠤᠨ ᠢ᠋ ᠬᠠᠰᠢᠪᠠᠴᠤ ᠤᠨᠠᠭ᠎ᠠ ᠳᠠᠭ᠎ᠠ ᠦᠦᠷᠰᠡᠵᠦ ᠤᠷᠤᠭᠰᠢ ᠬᠣᠢᠰᠢ ᠳᠠᠪᠬᠢᠯᠳᠤᠭᠠᠳ ᠠᠳᠤᠭᠤ ᠶᠡᠷᠦ ᠨᠢ ᠲᠣᠭᠲᠠᠭᠤᠷᠢ ᠦᠭᠡᠢ ᠃ 
      ᠠᠭᠠᠷ ᠤ᠋ᠨ ᠴᠡᠭᠡᠯ ᠳ᠋ᠦ᠍ ᠠᠶᠤᠩᠭ᠎ᠠ ᠶ᠋ᠢᠨ ᠳᠠᠭᠤᠨ ᠲᠦᠷᠵᠢᠭᠢᠨᠡᠵᠦ ᠂ ᠠᠲᠠᠷ ᠤ᠋ᠨ ᠬᠥᠨᠳᠡᠢ ᠳ᠋ᠦ᠍ ᠠᠳᠤᠭᠤᠨ ᠳᠥᠪᠥᠷᠭᠡ ᠫᠡᠷᠴᠢᠭᠢᠨᠡᠨ᠎ᠡ ᠃
      ᠬᠦᠢᠲᠡᠨ ᠪᠣᠷᠣᠭᠠᠨ ᠬᠦᠢ ᠬᠦᠢ ᠴᠢᠩᠭᠠᠷᠠᠵᠤ ᠂ ᠭᠡᠷᠡᠯ ᠭᠢᠯᠪᠠᠭ᠎ᠠ ᠭᠡᠨᠡᠳᠲᠡ ᠭᠡᠨᠡᠳᠲᠡ ᠴᠠᠬᠢᠯᠬᠤ ᠳ᠋ᠤ᠌ ᠴᠢᠮᠡᠳ ᠤᠨ ᠪᠡᠶ᠎ᠡ ᠵᠢᠷᠢᠰ ᠵᠢᠷᠢᠰ ᠳᠠᠭᠵᠢᠵᠤ ᠬᠤᠢᠬ᠎ᠠ ᠶ᠋ᠢᠨ ᠦᠰᠦ ᠨᠢ ᠠᠷᠵᠢᠰ ᠠᠷᠵᠢᠰ ᠪᠣᠰᠤᠨ᠎ᠠ ᠃ ᠲᠡᠭᠡᠪᠡᠴᠦ ᠴᠢᠮᠡᠳ ᠂  ᠠᠶᠤᠩᠭ᠎ᠠ ᠠᠴᠠ ᠰᠢᠷᠭᠢᠬᠦ ᠨᠢ ᠳᠤᠲᠠᠭᠤ ᠂ ᠠᠳᠤᠭᠤ ᠪᠠᠨ ᠪᠣᠳᠣᠬᠤ ᠨᠢ ᠢᠯᠡᠭᠦᠦ ᠂ ᠪᠦᠯᠦᠭ ᠪᠦᠯᠦᠭ ᠪᠥᠭᠡᠮᠨᠡᠷᠡᠵᠦ ᠂ ᠬᠡᠰᠡᠭ ᠬᠡᠰᠡᠭ ᠤᠷᠤᠭᠤᠳᠠᠬᠤ ᠠᠳᠤᠭᠤ ᠪᠠᠨ ᠪᠤᠲᠠᠷᠠᠭᠠᠬᠤ ᠦᠭᠡᠢ ᠶ᠋ᠢ ᠤᠷᠤᠯᠳᠤᠵᠤ ᠂ 《 ᠪᠢ ᠪᠠᠢᠪᠠᠯ ᠠᠳᠤᠭᠤ ᠮᠡᠨᠳᠦ  》 ᠭᠡᠵᠦ ᠲᠠᠰᠤ ᠪᠣᠳᠣᠨ ᠬᠥᠮᠥᠭᠡᠢ ᠪᠡᠨ ᠵᠠᠭᠤᠭᠠᠳ ᠴᠢᠳᠠᠯ ᠮᠡᠳᠡᠨ ᠬᠤᠯᠤᠰᠤᠨ ᠰᠢᠷᠭ᠎ᠠ ᠶᠢ ᠨᠢᠰᠬᠡᠨ᠎ᠡ ᠃ ᠠᠶᠤᠩᠭ᠎ᠠ ᠨᠢᠵᠢᠭᠢᠨᠡᠬᠦ ᠪᠦᠷᠢ ᠠᠳᠤᠭᠤ ᠪᠤᠲᠠᠷᠠᠨ ᠲᠠᠵᠢᠭᠢᠨᠠᠵᠤ ᠂ ᠠᠳᠤᠭᠤᠴᠢᠨ ᠤ᠋ ᠬᠠᠰᠬᠢᠷᠬᠤ ᠶ᠋ᠢᠨ ᠲᠡᠳᠦᠢ ᠳᠠᠬᠢᠭᠠᠳ ᠵᠢᠭᠠᠬᠠᠨ ᠲᠣᠭᠲᠠᠨ᠎ᠠ ᠃ 
      ᠪᠠᠷᠠᠭᠠᠨ ᠡᠭᠦᠯᠡᠰ ᠤᠨ ᠴᠠᠭᠠᠨ᠎ᠠ ᠠᠴᠠ ᠡᠷᠴᠢᠲᠦ ᠭᠢᠯᠪᠡᠭᠡᠨ ᠳᠤᠯᠠᠰ ᠳᠤᠯᠠᠰ ᠴᠠᠬᠢᠯᠵᠤ ᠂ ᠪᠤᠵᠢᠭᠢᠨᠠᠨ ᠨᠠᠳᠬᠤᠬᠤ ᠠᠳᠤᠭᠤᠨ ᠤ᠋ ᠲᠤᠭᠤᠷᠠᠢ ᠡᠴᠡ ᠴᠠᠬᠢᠭᠤᠷ ᠤ᠋ᠨ ᠣᠴᠢ ᠭᠢᠯᠠᠰ ᠭᠢᠯᠠᠰ  ᠪᠠᠳᠠᠷᠠᠨ᠎ᠠ᠃ ᠴᠠᠬᠢᠯᠭᠠᠨ ᠤ᠋ ᠭᠡᠷᠡᠯ ᠳ᠋ᠦ᠍ ᠬᠠᠪᠢ ᠣᠢᠷ᠎ᠠ ᠶ᠋ᠢᠨ ᠦᠵᠡᠭᠳᠡᠯ ᠤᠨ ᠨᠢᠭᠡ ᠦᠶ᠎ᠡ ᠭᠡᠷᠡᠯᠲᠦᠨ ᠰᠦᠮᠡᠯᠵᠡᠵᠦ ᠂ ᠨᠢᠭᠡ ᠦᠶ᠎ᠡ  ᠬᠠᠷᠠᠩᠭᠤᠢᠯᠠᠨ ᠥᠩᠭᠡᠷᠡᠬᠦ ᠳ᠋ᠦ᠍ ᠦᠷᠭᠦᠭᠰᠡᠨ ᠠᠳᠤᠭᠤᠨ ᠤ᠋ ᠰᠣᠴᠢᠭᠰᠠᠨ ᠨᠢᠲᠦᠨ᠎ᠡᠴᠡ ᠨᠣᠭᠣᠭᠠᠨ ᠂ ᠤᠯᠠᠭᠠᠨ ᠂ ᠬᠥᠬᠡ ᠂ ᠰᠢᠷ᠎ᠠ ᠁ ᠡᠯᠳᠡᠪ ᠥᠩᠭᠡ ᠡᠷᠢᠶᠡᠨ ᠮᠡᠷᠢᠶᠡᠨ ᠢ᠋ᠶ᠋ᠡᠷ ᠰᠣᠯᠣᠩᠭᠠᠷᠠᠬᠤ ᠨᠢ ᠫᠠᠳ ᠬᠠᠷ᠎ᠠ ᠰᠥᠨᠢ ᠶ᠋ᠢᠨ ᠰᠣᠬᠣᠷ ᠲᠤ᠌ ᠰᠣᠨᠢᠨ ᠵᠢᠭ᠍ᠲᠡᠢ ᠬᠠᠷᠠᠭᠳᠠᠬᠤ  ᠠᠵᠢ ᠃ 
      ᠴᠢᠮᠡᠳ ᠨᠡᠪᠲᠡᠷᠡᠲᠡᠯ᠎ᠡ ᠨᠣᠷᠤᠭᠳᠠᠭᠰᠠᠨ ᠢ᠋ᠶ᠋ᠠᠨ ᠬᠠᠢᠬᠤᠷᠤᠯ ᠦᠭᠡᠢ ᠨᠢᠭᠡ ᠯᠡ ᠠᠮᠢ ᠪᠠᠷ ᠨᠡᠢᠲᠠ ᠶᠢᠨ ᠢ᠋ᠶ᠋ᠠᠨ ᠬᠥᠷᠥᠩᠭᠡ ᠶ᠋ᠢ ᠬᠠᠮᠠᠭᠠᠯᠠᠨ᠎ᠠ ᠃ 
      ᠠᠶᠤᠩᠭ᠎ᠠ ᠶ᠋ᠢᠨ ᠳᠠᠭᠤᠨ ᠲᠠᠰᠤᠷᠠᠭ᠎ᠠ ᠦᠭᠡᠢ ᠦᠷᠭᠦᠯᠵᠢᠯᠡᠵᠦ ᠂ ᠠᠭᠠᠭ ᠲᠠᠢ ᠪᠣᠷᠣᠭ᠎ᠠ ᠵᠣᠭᠰᠣᠭ᠎ᠠ ᠦᠭᠡᠢ ᠴᠢᠳᠬᠤᠨ ᠂ ᠠᠳᠤᠭᠤᠨ ᠰᠦᠷᠦᠭ ᠲᠣᠷᠣᠭ᠎ᠠ ᠤᠷᠤᠭᠤᠳᠠᠭᠰᠠᠭᠠᠷ ᠁ 
      ᠠᠷᠤ ᠳ᠋ᠤ᠌ ᠬᠠᠶᠠᠭᠳᠠᠭᠰᠠᠨ ᠤᠨᠠᠭ᠎ᠠ ᠲᠠᠢ ᠭᠡᠭᠦᠳ ᠢ᠋ ᠠᠷᠠᠢ ᠴᠠᠷᠠᠢ ᠶᠡᠬᠡ ᠰᠦᠷᠦᠭ ᠲᠦ᠍ ᠨᠡᠢᠯᠡᠭᠦᠯᠲᠡᠯ᠎ᠡ ᠂ ᠠᠯᠤᠰ  ᠠᠴᠠ ᠠᠳᠤᠭᠤᠨ ᠤ᠋ ᠦᠦᠷᠰᠡᠬᠦ ᠴᠢᠮᠡᠭᠡ ᠰᠥᠨᠢ ᠶ᠋ᠢᠨ ᠬᠠᠷᠠᠩᠭᠤᠢ ᠳ᠋ᠤ᠌ ᠴᠢᠮᠡᠳ ᠤᠨ ᠵᠢᠷᠦᠬᠡ ᠶ᠋ᠢ ᠳᠣᠭᠳᠣᠯᠵᠠᠲᠠᠯ᠎ᠠ ᠬᠠᠩᠭᠢᠨᠠᠨ᠎ᠠ ᠃ ᠪᠣᠷᠣᠭᠠᠨ ᠤ᠋ ᠴᠢᠪᠬᠠᠳᠠᠯ  ᠳ᠋ᠤ᠌ ᠴᠢᠮᠡᠳ ᠦ᠋ᠨ ᠴᠢᠷᠠᠢ ᠨᠢ ᠵᠢᠮᠵᠢᠭᠢᠨᠡᠵᠦ ᠂ ᠴᠢᠬᠢ ᠨᠢ ᠮᠢᠨᠴᠦᠭᠦᠷᠡᠭᠡᠳ ᠪᠦᠬᠦ ᠪᠡᠶ᠎ᠡ ᠨᠢ ᠭᠣᠣᠯ ᠳ᠋ᠠᠭᠠᠨ ᠣᠷᠣᠲᠠᠯ᠎ᠠ ᠵᠢᠬᠡᠭᠦᠰᠦᠨ᠎ᠡ᠃ ᠭᠡᠪᠡᠴᠦ ᠲᠡᠷᠡ ᠂ ᠠᠳᠤᠭᠤᠨ ᠤ᠋ ᠪᠠᠨ ᠦᠦᠷᠰᠡᠬᠦ ᠳᠠᠭᠤᠨ ᠢ᠋ ᠰᠣᠨᠣᠰᠬᠤ ᠪᠦᠷᠢ ᠠᠶᠤᠩᠭ᠎ᠠ ᠪᠣᠷᠣᠭᠠᠨ ᠢ᠋ ᠠᠯᠢ ᠬᠡᠳᠦᠢᠨ ᠮᠠᠷᠲᠠᠵᠤ ᠂ ᠳᠠᠷᠤᠵᠤ ᠪᠦᠳᠦᠷᠢᠵᠦ ᠣᠢᠴᠢᠬᠤ ᠶ᠋ᠢ ᠪᠣᠳᠣᠯ ᠦᠭᠡᠢ ᠵᠢᠯᠣᠭᠣ ᠰᠤᠩᠭᠠᠨ ᠥᠨᠳᠡᠢᠨ᠎ᠡ ᠃ ᠬᠤᠯᠤᠰᠤᠨ ᠰᠢᠷᠭ᠎ᠠ ᠮᠣᠷᠢ ᠨᠢ ᠴᠦ᠍  ᠳᠠᠮ ᠲᠣᠮ ᠭᠢᠰᠬᠢᠬᠦ ᠶ᠋ᠢ ᠮᠠᠲᠠᠯ ᠦᠭᠡᠢ ᠵᠢᠯᠣᠭᠣ ᠳ᠋ᠠᠭᠠᠨ ᠳᠠᠪᠬᠢᠨ᠎ᠠ ᠃ ᠬᠠᠷᠠᠩᠭᠤᠢ ᠰᠥᠨᠢ ᠶ᠋ᠢᠨ ᠳᠤᠮᠳᠠᠭᠤᠷ ᠂ ᠬᠡᠰᠡᠭ ᠲᠡᠭᠡᠨ ᠭᠠᠭᠴᠠ ᠬᠠᠷ᠎ᠠ ᠰᠡᠭᠦᠳᠡᠷ ᠪᠦᠷᠭᠦᠳ ᠰᠢᠭ ᠪᠠᠷ᠎ᠠ ᠰᠤᠷᠠᠭ ᠦᠭᠡᠢ ᠬᠠᠯᠢᠨ ᠣᠳᠴᠤ ᠂ ᠤᠳᠠᠵᠤ ᠲᠦᠳᠡᠯ ᠦᠭᠡᠢ ᠠᠯᠢ ᠵᠦᠭ ᠡᠴᠡ ᠴᠦ᠍ ᠮᠠᠭᠠᠳ ᠮᠥᠨ ᠪᠦᠷᠭᠦᠳ ᠰᠢᠭ ᠱᠤᠤᠭᠢᠨ ᠢᠷᠡᠬᠦ ᠪᠥᠭᠡᠳ ᠬᠡᠰᠡᠭ ᠲᠡᠭᠡᠨ ᠣᠯᠠᠭᠤᠯᠠ ᠪᠣᠯᠤᠭᠠᠳ ᠪᠦᠷᠦᠭ ᠪᠠᠷᠤᠭ ᠰᠡᠭᠦᠳᠡᠭᠡᠨᠡᠨ ᠢᠷᠡᠨ᠎ᠡ ᠃ 
      ᠴᠢᠮᠡᠳ ᠂ ᠬᠡᠰᠡᠭ ᠠᠳᠤᠭᠤ ᠪᠠᠨ ᠳᠥᠩᠭᠡᠵᠢ ᠨᠡᠬᠡᠨ ᠭᠦᠢᠴᠡᠵᠦ ᠂ ᠡᠮᠦᠨᠡᠭᠦᠷ ᠨᠢ ᠬᠡᠷᠦᠵᠦ ᠠᠮᠠᠳᠠᠨ ᠡᠷᠭᠢᠭᠦᠯᠦᠭᠡᠳ ᠠᠳᠤᠭᠤ ᠤᠷᠤᠭᠤ ᠲᠠᠭᠤᠲᠠᠯ᠎ᠠ ᠂ ᠠᠶᠤᠩᠭᠠᠲᠤ ᠪᠣᠷᠣᠭᠠᠨ ᠲᠦᠵᠢᠭᠢᠨᠡᠨ ᠨᠦᠵᠢᠭᠢᠨᠡᠭᠰᠡᠭᠡᠷ ᠠᠯᠤᠰ ᠲᠡᠷᠲᠡᠭᠡ ᠳ᠋ᠦ᠍ ᠰᠢᠯᠵᠢᠵᠦ ᠂ ᠡᠷᠪᠡᠭᠡᠷ ᠰᠡᠷᠪᠡᠭᠡᠷ ᠡᠭᠦᠯᠡᠰ ᠡᠪᠬᠡᠷᠦᠨ ᠱᠤᠩᠭᠤᠷᠠᠭᠰᠠᠭᠠᠷ ᠡᠮᠦᠨᠡᠲᠦ ᠳᠠᠯᠠᠢ ᠳ᠋ᠤ᠌ ᠵᠢᠪᠪᠦᠪᠡ ᠃ 
     ᠳᠥᠩᠭᠡᠨ ᠳᠠᠩᠭᠠᠨ ᠲᠣᠭᠲᠠᠵᠤ ᠪᠠᠢᠭᠰᠠᠨ ᠬᠣᠵᠢᠳ ᠤ᠋ᠨ  ᠰᠠᠷᠠᠨ ᠴᠦ᠍ ᠳᠠᠯᠳᠠ ᠣᠷᠣᠵᠤ ᠦᠷ ᠮᠠᠩᠬᠠᠢᠲᠠᠯ᠎ᠠ ᠴᠠᠢᠪᠠ ᠁ 
     ᠬᠤᠷ᠎ᠠ ᠶ᠋ᠢᠨ ᠳᠠᠷᠠᠭᠠᠬᠢ ᠭᠠᠯ ᠬᠦᠷᠳᠦᠨ ᠨᠠᠷᠠᠨ ᠬᠤᠷᠴᠠ ᠲᠤᠶᠠᠭ᠎ᠠ ᠪᠠᠨ ᠰᠠᠴᠤᠷᠠᠭᠤᠯᠤᠨ ᠮᠠᠨᠳᠤᠬᠤ ᠳ᠋ᠤ᠌ ᠴᠡᠯᠭᠡᠷ ᠲᠠᠯ᠎ᠠ ᠶ᠋ᠢᠨ ᠡᠪᠡᠰᠦᠨ  ᠦ᠌ ᠦᠵᠦᠭᠦᠷ ᠲᠦ᠍ ᠰᠢᠭᠦᠳᠡᠷᠢ ᠶ᠋ᠢᠨ ᠪᠥᠮᠪᠥᠯᠢᠭ ᠪᠣᠯᠣᠷ ᠰᠢᠯ ᠮᠡᠲᠦ ᠮᠡᠯᠲᠡᠭᠡᠨᠡᠵᠦ ᠂ ᠴᠡᠴᠡᠷᠡᠨ ᠵᠣᠭᠰᠣᠬᠤ ᠠᠳᠤᠭᠤᠨ ᠤ᠋ ᠦᠰᠦ ᠪᠤᠯᠠᠭ᠎ᠠ ᠶ᠋ᠢᠨ ᠰᠤᠷ ᠰᠢᠭ᠋ ᠭᠢᠯᠲᠠᠭᠠᠨᠠᠨ᠎ᠠ ᠃ 
     ᠴᠢᠮᠡᠳ ᠤᠨ ᠨᠢᠭᠤᠷ ᠴᠢᠷᠠᠢ ᠨᠢ ᠰᠢᠷᠦᠭᠦᠨ ᠮᠥᠨᠳᠥᠷ ᠲᠦ᠍ ᠴᠣᠬᠢᠭᠳᠠᠭᠠᠳ ᠬᠥᠬᠡᠷᠡᠨ ᠪᠣᠷᠣᠯᠠᠵᠤ ᠂ ᠪᠦᠬᠦ ᠪᠡᠶ᠎ᠡ ᠨᠢ ᠲᠣᠭᠲᠠᠨ ᠶᠠᠳᠠᠵᠤ ᠂ ᠣᠪᠣᠯᠵᠠᠪᠠᠴᠤ ᠂ ᠠᠳᠤᠭᠤ ᠪᠠᠨ ᠠᠯᠳᠠᠯ ᠦᠭᠡᠢ ᠮᠡᠨᠳᠦ ᠮᠠᠨᠠᠭᠰᠠᠨ ᠳ᠋ᠠᠭᠠᠨ ᠬᠣᠩᠬᠣᠢᠨ ᠰᠠᠭᠤᠭᠰᠠᠨ ᠬᠣᠶᠠᠷ ᠨᠢᠳᠦᠨ ᠡᠴᠡ ᠨᠢ ᠶᠡᠷᠦ ᠪᠤᠰᠤ ᠶ᠋ᠢᠨ ᠣᠮᠣᠭᠲᠤ ᠭᠡᠷᠡᠯ ᠭᠢᠯᠠᠯᠵᠠᠵᠤ ᠂ ᠬᠥᠬᠡᠷᠡᠨ ᠬᠠᠪᠤᠩᠲᠠᠭᠰᠠᠨ ᠵᠤᠵᠠᠭᠠᠨ ᠤᠷᠤᠭᠤᠯ ᠤᠨ ᠢ᠋ᠶ᠋ᠠᠨ ᠵᠠᠪᠰᠠᠷ ᠢ᠋ᠶ᠋ᠠᠷ ᠯᠠᠪᠠᠢ ᠴᠠᠭᠠᠨ ᠰᠢᠳᠦ ᠪᠡᠨ  ᠢᠷᠡᠰᠬᠢᠯᠭᠡᠨ ᠂ ᠮᠠᠨᠳᠤᠬᠤ ᠨᠠᠷᠠᠨ ᠢ᠋ ᠤᠭᠲᠤᠵᠤ ᠮᠠᠩᠨᠠᠢ ᠲᠡᠨᠢᠭᠡᠷ ᠢᠨᠢᠶᠡᠮᠰᠦᠭᠯᠡᠨ᠎ᠡ ᠃ 
     ᠴᠢᠮᠡᠳ ᠤᠨᠤᠭᠰᠠᠨ ᠮᠣᠷᠢᠨ ᠤ᠋ ᠪᠠᠨ ᠣᠯᠣᠩ ᠢ᠋ ᠴᠢᠩᠭᠠᠯᠠᠵᠤ ᠂ ᠤᠷᠭᠠᠨ ᠬᠤᠢᠪᠢ ᠶ᠋ᠢᠨ ᠢ᠋ᠶ᠋ᠡᠨ ᠤᠰᠤ ᠶ᠋ᠢ ᠰᠢᠪᠲᠤᠷᠠᠭᠠᠳ ᠠᠳᠤᠭᠤᠨ  ᠤ᠋ ᠳᠤᠮᠳᠠᠭᠤᠷ ᠴᠣᠭᠣᠯᠤᠨ ᠣᠷᠣᠵᠤ ᠂ ᠰᠤᠮᠤᠨ ᠵᠡᠷᠭᠡᠳᠡ ᠶ᠋ᠢ ᠪᠠᠷᠢᠵᠤ ᠬᠤᠯᠤᠰᠤᠨ ᠰᠢᠷᠭ᠎ᠠ ᠪᠠᠨ ᠶᠡᠭᠦᠯᠡᠨ᠎ᠡ ᠃   
                         
                                                1962 . 7 ᠰᠠᠷ᠎ᠠ