ᠬᠦᠲᠡᠭᠡ ᠶ᠋ᠢᠨ ᠬᠥᠮᠦᠨ ᠬᠦᠲᠡᠭᠡ ᠳᠦ ᠪᠡᠨ ᠬᠠᠭᠠᠨ – ᠪᠠᠶᠠᠷᠮᠠᠩᠨᠠᠢ ᠶ᠋ᠢᠨ ᠤᠰᠤᠷ Хөдөөгийн хүн хөдөөдөө хаан – Баярмагнайгийн Осор ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠦᠲᠡᠭᠡ ᠶ᠋ᠢᠨ ᠬᠥᠮᠦᠨ ᠬᠦᠲᠡᠭᠡ ᠳᠦ ᠪᠡᠨ ᠬᠠᠭᠠᠨ – ᠪᠠᠶᠠᠷᠮᠠᠩᠨᠠᠢ ᠶ᠋ᠢᠨ ᠤᠰᠤᠷ Хөдөөгийн хүн хөдөөдөө хаан – Баярмагнайгийн Осор

ᠬᠦᠲᠡᠭᠡ ᠶ᠋ᠢᠨ ᠬᠥᠮᠦᠨ ᠬᠦᠲᠡᠭᠡ ᠳᠦ ᠪᠡᠨ ᠬᠠᠭᠠᠨ – ᠪᠠᠶᠠᠷᠮᠠᠩᠨᠠᠢ ᠶ᠋ᠢᠨ ᠤᠰᠤᠷ Хөдөөгийн хүн хөдөөдөө хаан – Баярмагнайгийн Осор

2023-05-21

265

ᠬᠦᠲᠡᠭᠡ ᠶ᠋ᠢᠨ ᠬᠥᠮᠦᠨ ᠬᠦᠲᠡᠭᠡ ᠳᠦ ᠪᠡᠨ ᠬᠠᠭᠠᠨ

          ᠪᠠᠶᠠᠷᠮᠠᠩᠨᠠᠢ ᠶ᠋ᠢᠨ ᠤᠰᠤᠷ 

 ᠬᠦᠯ ᠨᠢ ᠮᠠᠶ᠋ᠢᠵᠢᠬᠢ ᠴᠥ᠍ ᠰᠠᠨᠠᠬ᠋᠎ᠠ ᠨᠢ ᠰᠠᠨᠰᠠᠷ 
 ᠬᠦᠲᠡᠯᠬᠦ ᠨᠢ ᠬᠦᠲᠡᠬᠢ ᠴᠥ᠍ ᠪᠤᠲᠤᠯ ᠨᠢ ᠪᠤᠷᠬᠠᠨ 
 ᠬᠦᠲᠡᠭᠡ ᠶ᠋ᠢᠨ ᠬᠥᠮᠦᠨ ᠬᠦᠲᠡᠭᠡ ᠳᠦ ᠪᠡᠨ ᠬᠠᠭᠠᠨ 
 ᠬᠥᠯᠥᠭ ᠮᠣᠷᠢ ᠨᠢ ᠬᠦᠨᠲᠡᠢ ᠳᠦ ᠪᠡᠨ ᠵᠠᠭᠠᠨ 

 ᠭᠡᠷᠡᠯ ᠦ᠋ᠨ ᠨᠤᠭᠲᠤ ᠪᠠᠨ ᠴᠢᠷᠴᠦ ᠲᠠᠪᠬᠢᠬᠰᠠᠨ 
 ᠰᠢᠷᠬ᠋᠎ᠠ ᠶ᠋ᠢᠨ ᠰᠢᠷᠬ᠋᠎ᠠ ᠨᠢ ᠨᠠᠷᠠ ᠶᠤᠮ 
 ᠭᠡᠷ ᠦ᠋ᠨ ᠬᠠᠶᠠᠬ᠋᠎ᠠ ᠨᠠᠯᠠᠵᠤ ᠳᠡᠯᠭᠡᠭᠰᠡᠨ 
 ᠰᠠᠩᠬᠠᠶᠤᠤ ᠭᠦᠯᠢᠮ ᠨᠢ ᠨᠠᠪᠴᠢ ᠶᠤᠮ 
 ᠬᠦᠲᠡᠭᠡ ᠶ᠋ᠢᠨ ᠬᠥᠮᠦᠨ ᠬᠦᠲᠡᠭᠡ ᠳᠦ ᠪᠡᠨ ᠬᠠᠭᠠᠨ

 ᠡᠬᠢᠯᠡᠵᠦ ᠠᠭᠤᠯᠵᠠᠬᠤ ᠳᠦ ᠰᠤᠶ᠋ᠢᠯᠠᠭᠠᠳ ᠴᠠᠭᠠᠰᠢ ᠭᠦᠶᠦᠳᠡᠭ
 ᠡᠶᠡᠰᠴᠦ ᠲᠠᠰᠬᠤ ᠳᠦ ᠤᠭᠢᠯᠠᠭᠠᠳ ᠨᠠᠭᠠᠰᠢ ᠢᠷᠡᠳᠡᠭ 
 ᠡᠨᠲᠡᠬᠦ ᠦᠶ᠎ᠡ ᠳᠦ ᠡᠯᠢᠭᠡ ᠪᠡᠨ ᠡᠮᠲᠡᠯᠡᠭᠡᠳ ᠥᠭᠳᠡᠭ 
 ᠡᠭᠳᠡᠭᠦᠴᠡᠬᠦ ᠴᠠᠭ ᠲᠤ ᠡᠷᠯᠢᠭ ᠪᠤᠯᠵᠤ ᠪᠤᠰᠲᠠᠭ
 ᠬᠦᠲᠡᠭᠡ ᠶ᠋ᠢᠨ ᠬᠥᠮᠦᠨ ᠬᠦᠲᠡᠭᠡ  ᠳᠦ ᠪᠡᠨ ᠬᠠᠭᠠᠨ

 ᠭᠠᠵᠠᠷ ᠮᠠᠭᠠᠵᠢᠵᠤ ᠨᠤᠭᠤᠭᠠᠨ ᠴᠦᠪᠤᠲᠡᠯ ᠰᠢᠮᠡᠳᠡᠭ ᠦᠭᠡᠢ
 ᠭᠠᠯ ᠲᠠᠬᠢᠬᠰᠠᠨ ᠴᠠᠭᠠᠨ ᠰᠥ᠋ ᠰᠢᠷᠭᠡᠳᠡᠭ ᠦᠭᠡᠢ
 ᠭᠠᠲᠠᠨ᠎ᠠ ᠪᠠᠨ ᠡᠪᠦᠯ ᠲᠤᠲᠤᠷ᠎ᠡ ᠪᠡᠨ ᠵᠤᠨ
 ᠭᠠᠷᠠᠭ ᠭᠠᠷᠠᠭ ᠦ᠋ᠨ ᠲᠤᠲᠤᠷᠠᠬᠢ ᠨᠠᠷᠠᠨ ᠭᠠᠷᠠᠭ
 ᠬᠦᠲᠡᠭᠡ ᠶ᠋ᠢᠨ ᠬᠥᠮᠦᠨ ᠬᠦᠲᠡᠭᠡ ᠳᠦ ᠪᠡᠨ ᠬᠠᠭᠠᠨ

 ᠬᠠᠩᠭᠠᠢ ᠲᠠᠯ᠎ᠠ ᠪᠠᠷ ᠰᠦᠨᠲᠡᠷᠯᠡᠵᠦ ᠨᠡᠭᠦᠳᠡᠭ ᠠᠭᠤᠯᠠ
 ᠬᠠᠲᠠ ᠲᠠᠢ ᠠᠭᠤᠯᠠ ᠪᠠᠷ ᠰᠦᠷᠯᠢᠭ ᠲᠡᠭᠦᠯᠢᠳᠡᠭ ᠬᠠᠷᠴᠠᠭᠠᠢ
 ᠬᠠᠷᠴᠠᠭᠠᠢ ᠪᠦᠷᠭᠦᠳ ᠲᠡᠭᠡᠨ ᠰᠦᠯᠲᠡ ᠦᠨᠲᠦᠷ ᠲᠡᠭᠷᠢ
 ᠬᠠᠨ ᠲᠡᠭᠷᠢ ᠪᠡᠨ ᠲᠤᠭᠤᠨᠤ ᠪᠠᠷ ᠡᠷᠭᠦᠭᠰᠡᠨ ᠰᠢᠲᠢᠲᠡᠨ
 ᠬᠦᠲᠡᠭᠡ ᠶ᠋ᠢᠨ ᠬᠥᠮᠦᠨ ᠬᠦᠲᠡᠭᠡ ᠳᠦ ᠪᠡᠨ ᠬᠠᠭᠠᠨ

 ᠲᠤᠭᠰᠢᠨ ᠮᠤᠷᠢᠨ ᠪ ᠴᠢᠲᠦᠷ ᠶ᠋ᠢᠡᠷ ᠰᠠᠯᠬᠢ ᠭᠠᠨᠵᠤᠭᠠᠯᠠᠲᠠᠭ
 ᠲᠤᠰᠤᠨ ᠴᠠᠭᠠᠨ ᠵᠦᠬᠡᠬᠡᠭᠡᠢ ᠪᠡᠷ ᠰᠠᠷᠠ ᠳᠦᠭᠦᠷᠭᠡᠳᠡᠭ
 ᠲᠤᠭᠳᠠᠭᠰᠠᠨ ᠪᠦᠭᠦᠲᠡ ᠪᠡᠨ ᠲᠦᠷᠦ ᠡᠴᠡ ᠪᠠᠲᠤ ᠰᠠᠬᠢᠲᠠᠭ
 ᠲᠤᠬᠢᠬᠰᠠᠨ ᠪᠦᠬᠦᠨ ᠶ᠋ᠢᠡᠨ ᠬᠠᠤᠯᠢ ᠠ᠋ᠴᠠ ᠴᠢᠩᠬ᠋᠎ᠠ ᠰᠠᠬᠢᠲᠠᠭ
 ᠬᠦᠲᠡᠭᠡ ᠶ᠋ᠢᠨ ᠬᠥᠮᠦᠨ ᠬᠦᠲᠡᠭᠡ ᠳᠦ ᠪᠡᠨ ᠬᠠᠭᠠᠨ

 ᠮᠤᠨᠲᠢ ᠭᠡᠳᠡᠭ ᠶ᠋ᠢᠡᠨ ᠮᠠᠭᠤᠬᠠᠢ ᠬᠠᠷᠢᠶᠠᠯ ᠶ᠋ᠢᠠᠷ ᠦᠵᠡᠳᠡᠭ
 ᠮᠤᠯᠭᠤᠤ ᠭᠡᠳᠡᠭ ᠶ᠋ᠢᠡᠨ ᠮᠤᠨᠲᠠᠭ ᠬᠠᠭᠤᠷᠠᠭᠰᠠᠨ ᠶ᠋ᠢᠠᠷ ᠰᠠᠨᠠᠲᠠᠭ
 ᠮᠤᠷᠢ ᠲᠠᠢ ᠤᠴᠢᠪᠠᠯ ᠬᠡᠦᠬᠡᠳ ᠨᠢ ᠠᠪᠤᠭᠠᠢ ᠲᠠᠭᠤᠲᠠᠲᠠᠭ
 ᠮᠤᠲᠤ ᠴᠢᠷᠪᠡᠯ ᠨᠤᠬᠠᠢ ᠨᠢ ᠠᠷᠬᠢᠷᠠᠵᠤ ᠲᠤᠰᠲᠠᠭ
 ᠬᠦᠲᠡᠭᠡ ᠶ᠋ᠢᠨ ᠬᠥᠮᠦᠨ ᠬᠦᠲᠡᠭᠡ ᠳᠦ ᠪᠡᠨ ᠬᠠᠭᠠᠨ

 ᠲᠤᠷᠤᠰᠤᠨ ᠪᠠᠷᠵᠠᠭᠠᠷ ᠴᠢᠷᠠᠢ ᠨᠢ ᠲᠤᠰᠤᠨ ᠴᠤᠷᠭᠤ
 ᠲᠠᠭᠤᠤ ᠬᠠᠩᠭᠢᠨᠠᠭᠤᠯᠳᠠᠭ ᠬᠤᠭᠤᠯᠠᠢ ᠨᠢ ᠰᠦᠨ ᠴᠤᠷᠭᠤ
 ᠲᠤᠭᠤᠢ ᠲᠤᠮᠪᠤᠭᠤᠷ ᠰᠨᠭᠤᠳᠠᠯ ᠨᠢ ᠡᠷᠳᠡᠨᠢ ᠠᠭᠤᠢ
 ᠲᠤᠭᠳᠤᠷᠴᠤ ᠠᠪᠬᠤ ᠲᠤᠷᠪᠢ ᠨᠢ ᠡᠷᠴᠢᠳᠦ ᠠᠶᠤᠩᠭ᠎ᠠ 
 ᠬᠦᠳᠡᠭᠡ ᠶᠢᠨ ᠬᠥᠮᠦᠨ ᠬᠦᠳᠡᠭᠡ ᠳᠦ ᠪᠡᠨ ᠬᠠᠭᠠᠨ 

 ᠬᠤᠳᠠ ᠶᠢᠨ ᠬᠦᠮᠦᠨ ᠦ ᠲᠡᠷᠭᠡᠳᠡ ᠵᠢᠰᠦ ᠨᠢ ᠪᠤᠷᠤᠪᠳᠤᠷᠬᠠᠨ
 ᠬᠤᠷᠤ᠎ᠡ ᠪᠦᠬᠦᠯᠢ ᠪᠠᠷ ᠪᠠᠭᠲᠠᠲᠠᠭ ᠴᠡᠭᠡᠵᠢ ᠨᠢ ᠠᠭᠤᠵᠢᠮᠬᠠᠨ
 ᠬᠤᠯᠠ ᠶ᠋ᠢ ᠲᠤᠲᠤᠬᠠᠨ ᠬᠠᠷᠠᠲᠠᠭ ᠨᠢᠲᠦ ᠨᠢ ᠭᠡᠭᠡᠬᠡᠨ
 ᠬᠤᠶᠠᠷᠯᠠᠵᠤ ᠨᠠᠷᠢᠨ ᠪᠤᠲᠤᠲᠠᠭ ᠤᠬᠠᠭᠠᠨ ᠨᠢ ᠰᠠᠷᠠᠭᠤᠯᠬᠠᠨ
 ᠬᠦᠲᠡᠭᠡ ᠶ᠋ᠢᠨ ᠬᠥᠮᠦᠨ ᠬᠦᠲᠡᠭᠡ ᠳᠦ ᠪᠡᠨ ᠬᠠᠭᠠᠨ

 ᠰᠦᠨ  ᠳᠦ ᠷᠠᠰᠢᠯᠠᠭᠰᠠᠨ ᠨᠡᠷ᠎ᠡ ᠨᠢ ᠪᠢᠯᠢᠭ ᠦ᠋ᠨ ᠬᠠᠶᠢᠬ
 ᠰᠥᠷᠦᠭ ᠲᠦ ᠠᠲᠢᠰᠯᠠᠭᠰᠠᠨ ᠤᠷᠬ᠋᠎ᠠ ᠨᠢ ᠬᠡᠰᠢᠭ ᠦ᠋ᠨ ᠬᠠᠲᠠᠭ
 ᠰᠦᠬᠡᠨ  ᠳᠦ ᠬᠠᠭᠠᠷᠠᠲᠠᠭ ᠦᠭᠡᠢ ᠶᠠᠰᠤ ᠨᠢ ᠡᠷ᠎ᠡ ᠶ᠋ᠢᠨ ᠬᠤᠶᠠᠭ
 ᠰᠦᠷ ᠲᠦ ᠨᠤᠭᠤᠷᠠᠲᠠᠭ ᠦᠭᠡᠢ ᠡᠪᠦᠳᠦᠭ ᠨᠢ ᠪᠢᠷ᠎ᠠ ᠶ᠋ᠢᠨ ᠲᠠᠶᠠᠭ
 ᠬᠦᠲᠡᠭᠡ ᠶ᠋ᠢᠨ ᠬᠥᠮᠦᠨ ᠬᠦᠲᠡᠭᠡ  ᠳᠦ  ᠪᠡᠨ ᠬᠠᠭᠠᠨ

 ᠬᠦᠯ ᠨᠢ ᠮᠠᠶ᠋ᠢᠵᠢᠬᠢ ᠴᠥ᠍ ᠰᠠᠨᠠᠬ᠋᠎ᠠ ᠨᠢ ᠰᠠᠨᠰᠠᠷ
 ᠬᠦᠲᠡᠯᠬᠦ ᠨᠢ ᠬᠦᠲᠡᠬᠢ ᠴᠥ᠍ ᠪᠤᠲᠤᠯ ᠨᠢ ᠪᠤᠷᠬᠠᠨ
 ᠬᠦᠲᠡᠭᠡ ᠶ᠋ᠢᠨ ᠬᠥᠮᠦᠨ ᠬᠦᠲᠡᠭᠡ ᠳᠦ ᠪᠡᠨ ᠬᠠᠭᠠᠨ
 ᠬᠥᠯᠥᠭ ᠮᠣᠷᠢ ᠨᠢ ᠬᠦᠨᠲᠡᠢ ᠳᠦ ᠵᠠᠭᠠᠨ

 ᠪᠠᠶᠠᠷᠮᠠᠩᠨᠠᠢ ᠶ᠋ᠢᠨ ᠤᠰᠤᠷ — 
      ᠤᠤᠯ ᠦ᠋ᠨ ᠰᠢᠯᠢ ᠶ᠋ᠢᠨ ᠭᠤᠤᠯ ᠴᠢᠭᠤᠯᠭᠠᠨ ᠪ ᠵᠡᠭᠦᠨ ᠬᠠᠭᠤᠴᠢᠳ ᠰᠤᠮᠤᠨ ᠪ ᠪᠠᠶᠠᠩᠭᠤᠤᠯ ᠰᠤᠮᠤ ᠃
      1935_2010 ᠤᠨ ᠪ ᠬᠤᠭᠤᠷᠤᠨᠲᠤ ᠠᠮᠢᠲᠤᠷᠠᠵᠤ ᠪᠠᠶ᠋ᠢᠬᠰᠠᠨ ᠦᠪᠦᠷ ᠮᠤᠩᠭᠤᠯ ᠦ᠋ᠨ ᠤᠤᠠᠬ᠎ᠠ ᠤᠷᠠᠯᠢᠬ ᠦ᠋ᠨ ᠦᠢᠯᠡᠰ ᠦ᠋ᠨ 
   ᠭᠠᠷᠮᠠᠭᠠᠢ ᠵᠢᠤᠠᠬᠦᠯᠲᠡᠨ ᠂ ᠠᠯᠲᠠᠷᠲᠤ ᠢᠷᠠᠭᠤ ᠨᠠᠶ᠋ᠢᠷᠠᠭᠴᠢ ᠂ ᠰᠡᠤᠠᠬᠦᠯᠴᠢ ᠂ ᠤᠷᠴᠢᠭᠤᠯᠤᠭᠴᠢ᠃

      ᠦᠰᠦᠭ ᠠᠮᠢᠯᠠᠭᠤᠯᠤᠭᠴᠢ : ᠤ  ᠰᠡᠴᠡᠨᠲᠦ
      ᠬᠢᠨᠠᠭᠴᠢ ᠄ ᠣᠤᠠᠬᠠᠨᠰᠣ‌‍ᠠ᠋