ᠡᠷᠳᠡᠨᠢ ᠲᠤᠨᠤᠮᠠᠯ ᠨᠡᠷᠡᠲᠦ ᠰᠤᠳᠤᠷ ᠣᠷᠣᠰᠢᠪᠠ - 10 Эрдэнэ тунамал нэрт судар оршив - 10
ᠡᠷᠳᠡᠨᠢ ᠲᠤᠨᠤᠮᠠᠯ ᠨᠡᠷᠡᠲᠦ ᠰᠤᠳᠤᠷ ᠣᠷᠣᠰᠢᠪᠠ - 10
ᠲᠡᠨᠳᠡᠴᠡ ᠬᠠᠮᠤᠭ ᠢ᠋ ᠮᠡᠳᠡᠭᠴᠢ ᠳᠠᠯᠠᠢ ᠯᠠᠮᠠ ᠮᠥᠩᠬᠡ ᠭᠠᠵᠠᠷ᠎ᠠ ᠬᠦᠷᠴᠦ ᠪᠦᠷᠦᠨ ᠂
ᠳᠡᠭᠡᠳᠦ ᠵᠣᠣ ᠰᠢᠭᠡᠮᠦᠨᠢ ᠶ᠋ᠢᠨ ᠡᠮᠦᠨ᠎ᠡ ᠮᠥᠷᠭᠥᠵᠦ ᠰᠢᠷᠡᠭᠡᠨ ᠦ᠌ ᠴᠣᠷᠵᠢ ᠠ᠋ᠴᠠ ᠤᠰᠤᠨ ᠲᠠᠤᠯᠠᠢ ᠵᠢᠯ᠎ᠡ① ᠂
ᠲᠡᠨᠳᠡ ᠠᠷᠪᠠᠨ ᠰᠠᠷ᠎ᠠ ᠶ᠋ᠢᠨ ᠰᠢᠨ᠎ᠠ ᠶ᠋ᠢᠨ ᠰᠠᠢᠨ ᠡᠳᠦᠷ ᠥᠰᠦᠪᠡᠨ ᠳᠤᠢᠯᠵᠤ ᠲᠣᠢᠨ ᠪᠤᠯᠬᠤᠢ ᠴᠠᠭ ᠲᠤᠷ ᠂
ᠲᠡᠭᠦᠨ ᠥᠩᠭᠡ ᠰᠣᠯᠣᠩᠭ᠎ᠠ ᠲᠠᠲᠠᠬᠤᠨ ᠯᠤᠤ ᠳᠣᠩᠭᠣᠳᠴᠤ ᠭᠠᠵᠠᠷ ᠳᠡᠯᠡᠬᠡᠢ ᠬᠥᠳᠡᠯᠦᠭᠰᠡᠨ ᠳ᠋ᠦ᠍ᠷ ᠂
ᠭᠠᠢᠬᠠᠮᠰᠢᠭ᠋ ᠲᠤ᠌ ᠪᠡᠯᠬᠡᠰ ᠬᠣᠲᠠᠯᠠ ᠪᠦᠭᠦᠳᠡ ᠳ᠋ᠦ᠍ᠷ ᠦᠵᠡᠭᠳᠡᠭᠰᠡᠨ ᠴᠠᠭ ᠲᠤᠷ ᠂
ᠬᠠᠮᠲᠤ ᠪᠠᠷ ᠬᠦᠷᠭᠡᠵᠦ ᠣᠳᠤᠭᠰᠠᠨ ᠥᠭᠡᠳᠡᠢ ᠪᠠᠭᠠᠲᠤᠷ ᠲᠠᠪᠠᠨᠤᠩ ᠡᠬᠢᠯᠡᠨ ᠡᠯᠴᠢᠰ ᠪᠦᠭᠦᠳᠡᠭᠡᠷ ᠂
ᠬᠠᠮᠤᠭ ᠲᠥᠪᠡᠳ ᠤᠯᠤᠰ ᠦᠯᠡᠮᠵᠢ ᠮᠠᠰᠢ ᠰᠦᠰᠦᠭ ᠪᠢᠰᠢᠷᠡᠯ ᠲᠥᠷᠥᠭᠦᠯᠵᠦ ᠲᠠᠬᠢᠪᠠᠢ ᠂
ᠬᠠᠮᠤᠭ ᠢ᠋ ᠮᠡᠳᠡᠭᠴᠢ ᠳᠠᠯᠠᠢ ᠯᠠᠮᠠ ᠬᠠᠷᠢᠨ ᠪᠠᠰᠠ ᠨᠢᠭᠦᠯᠡᠰᠴᠦ ᠬᠠᠭᠠᠨ ᠬᠠᠲᠤᠨ ᠬᠣᠶᠠᠷ ᠲᠤᠷ ᠂
ᠤᠪᠠᠸᠠᠨ ᠳᠠᠷᠬᠠᠨ② ᠂ ᠴᠥᠭᠡᠬᠦᠷ ᠲᠠᠢᠵᠢ ᠂ ᠥᠭᠡᠳᠡᠢ ᠂ ᠲᠣᠮᠢ ᠰᠠᠮᠪᠤᠷᠠ ᠳᠠᠪᠠᠨᠤᠩ ᠲᠡᠷᠢᠭᠦᠲᠡᠨ ᠢ᠋ᠶ᠋ᠡᠷ ᠂
— — — —
① ᠲᠥᠪᠡᠳ ᠦ᠋ᠨ ᠣᠨ ᠲᠣᠭᠠᠯᠠᠯ ᠂ ᠮᠣᠩᠭᠣᠯ ᠤ᠋ᠨ ᠬᠠᠷ᠎ᠠ ᠡᠮ᠎ᠡ ᠲᠠᠤᠯᠠᠢ ᠵᠢᠯ ᠲᠡᠢ ᠠᠳᠠᠯᠢ ᠃ ᠸᠠᠨ ᠯᠢ ᠶ᠋ᠢᠨ ᠭᠤᠴᠢᠨ ᠨᠢᠭᠡᠳᠦᠭᠡᠷ ᠣᠨ ( 1603 ) ᠪᠣᠯᠤᠨ᠎ᠠ ᠃
② ᠨᠠᠮᠤᠳᠠᠢ ᠰᠡᠴᠡᠨ ᠬᠠᠭᠠᠨ ᠤ᠋ ᠬᠣᠶᠠᠳᠤᠭᠠᠷ ᠬᠥᠪᠡᠭᠦᠨ ᠃ ᠬᠢᠲᠠᠳ ᠪᠢᠴᠢᠭ ᠲᠦ᠍ 五十万打力台吉 ᠭᠡᠨ᠎ᠡ ᠃ ᠡᠨᠡᠬᠦ 五十万打力 ᠭᠡᠳᠡᠭ ᠨᠢ 五卜万打儿汗 ᠭᠡᠰᠡᠨ ᠦ᠌ ᠡᠨᠳᠡᠭᠦᠦ ᠪᠢᠴᠢᠯᠭᠡ ᠪᠣᠯᠤᠨ᠎ᠠ ᠃
ᠥᠪᠡᠷ ᠦ᠋ᠨ ᠪᠡᠶ᠎ᠡ ᠮᠡᠲᠦ ᠠᠰᠠᠷᠠᠬᠤᠢ ᠮᠠᠢᠳᠠᠷᠢ① ᠶ᠋ᠢ ᠱᠠᠰᠢᠨ ᠳ᠋ᠤᠷ ᠲᠤᠰᠠᠯᠠᠨ ᠢᠯᠡᠭᠡᠵᠦ ᠂
ᠦᠰᠦᠨ ᠢ᠋ᠶ᠋ᠡᠨ ᠥᠭᠴᠦ ᠲᠡᠳᠡᠨ ᠢ᠋ ᠵᠠᠬᠢᠷᠴᠤ᠂ ᠶᠠᠪᠤᠭᠤᠯᠤᠭᠰᠠᠨ ᠤᠴᠢᠷ ᠲᠤᠷ ᠂
ᠦᠯᠡᠮᠵᠢ ᠪᠣᠭᠳᠠ ᠠᠰᠠᠷᠠᠬᠤᠢ ᠮᠠᠢᠳᠠᠷᠢ ᠶ᠋ᠢ ᠵᠠᠯᠠᠵᠤ ᠥᠭᠡᠳᠡ ᠪᠣᠯᠭᠠᠭᠠᠳ ᠢᠷᠡᠵᠦ ᠂
ᠬᠦᠷᠴᠦ ᠢᠷᠡᠭᠰᠡᠨ ᠰᠢᠯᠲᠠᠭᠠᠨ ᠢ᠋ᠶ᠋ᠠᠨ ᠤᠬᠠᠭᠤᠯ ᠤ᠋ᠨ ᠤᠷᠢᠳ ᠡᠯᠴᠢ ᠢᠯᠡᠭᠡᠭᠰᠡᠨ ᠴᠠᠭ ᠲᠤᠷ ᠂
ᠬᠦᠨᠳᠦᠯᠡᠵᠦ ᠰᠣᠨᠣᠰᠤᠭᠠᠳ ᠰᠡᠴᠡ ᠠᠰᠠᠷᠠᠬᠤᠢ ᠮᠠᠢᠳᠠᠷᠢ ᠶ᠋ᠢ ᠤᠭᠲᠤᠭᠤᠯᠵᠤ ᠢᠯᠡᠭᠡᠭᠡᠳ ᠵᠠᠯᠠᠵᠤ ᠪᠦᠷ ᠦ᠋ᠨ ᠃
ᠬᠥᠬᠡ ᠬᠣᠲᠠ ᠳ᠋ᠤᠷ ᠵᠣᠣ ᠰᠢᠭᠡᠮᠦᠨᠢ ᠶ᠋ᠢᠨ ᠡᠮᠦᠨ᠎ᠡ ᠬᠠᠭᠠᠨ ᠬᠠᠲᠤᠨ ᠂ ᠤᠨᠪᠤ ᠬᠣᠩ ᠲᠠᠢᠵᠢ② ᠲᠡᠷᠢᠭᠦᠲᠡᠨ ᠂
ᠬᠦᠰᠡᠬᠦᠢ ᠰᠡᠳᠬᠢᠯ ᠦ᠋ᠨ ᠡᠭᠦᠳᠡᠴᠡ ᠪᠢᠰᠢᠷᠡᠵᠦ ᠬᠦᠨᠳᠦᠯᠡᠭᠡᠳ ᠲᠠᠬᠢᠯ ᠤ᠋ᠨ ᠣᠷᠣᠨ ᠪᠣᠯᠭᠣᠵᠤᠬᠤᠢ ᠃
ᠬᠠᠮᠤᠭ ᠢ᠋ ᠮᠡᠳᠡᠭᠴᠢ ᠳᠠᠯᠠᠢ ᠯᠠᠮᠠ ᠶ᠋ᠢᠨ ᠠᠯᠲᠠᠨ ᠲᠠᠪᠡᠴᠠᠩ ᠲᠡᠬᠡᠷ᠎ᠡ ᠰᠠᠭᠤᠯᠭᠠᠵᠤ
ᠬᠠᠭᠠᠨ ᠬᠠᠲᠤᠨ ᠡᠬᠢᠯᠡᠨ ᠬᠠᠮᠤᠭ ᠪᠦᠭᠦᠳᠡ ᠳᠥᠴᠢᠨ ᠲᠦᠮᠡᠨ ᠮᠣᠩᠭᠣᠯ ᠦᠯᠡᠮᠵᠢ ᠮᠠᠰᠢ ᠬᠦᠨᠳᠦᠯᠡᠵᠦ ᠂
— — — —
① ᠪᠠᠳᠮ᠎ᠠ ᠰᠠᠮᠪᠠᠪᠠ ᠪᠠᠭᠰᠢ ᠶ᠋ᠢᠨ ᠮᠡᠷᠭᠡᠨ ᠱᠠᠪᠢ ᠪᠠᠰᠠᠮᠪᠠ ᠷᠬᠢᠠᠮᠰᠤ ᠶ᠋ᠢᠨ ᠬᠤᠪᠢᠯᠭᠠᠨ ᠂ ᠨᠡᠷ᠎ᠡ ᠢᠨᠤ ᠭᠡᠨᠳᠦᠨ ᠭᠡᠪᠡᠯᠪᠠᠽᠠᠩ ᠷᠭᠢᠨᠮᠰᠤ ᠰᠢᠷᠢᠪᠡᠳᠡ ᠭᠡᠳᠡᠭ ᠃ ᠳᠥᠲᠥᠭᠡᠷ ᠳᠠᠯᠠᠢ ᠯᠠᠮᠠ ᠶᠤᠨᠳᠣᠨᠵᠠᠮᠰᠤ ᠲᠥᠪᠡᠳ ᠲᠦ᠍ ᠥᠭᠡᠳᠡ ᠪᠣᠯᠤᠭᠰᠠᠨ ᠤ᠋ ᠬᠣᠢᠨ᠎ᠠ ᠮᠣᠩᠭᠣᠯ ᠤ᠋ᠨ ᠭᠠᠵᠠᠷ᠎ᠠ ᠱᠠᠰᠢᠨ ᠢ᠋ ᠪᠠᠷᠢᠬᠤ ᠯᠠᠮᠠ ᠦᠭᠡᠢ ᠪᠣᠯᠤᠭᠰᠠᠨ ᠲᠤᠯᠠ ᠂ ᠳᠠᠷᠤᠢ ᠸᠠᠨ ᠯᠢ ᠶ᠋ᠢᠨ ᠭᠤᠴᠢᠨ ᠨᠢᠭᠡᠳᠦᠭᠡᠷ ᠣᠨ (1603 ) ᠳ᠋ᠤ᠌ ᠭᠡᠨᠳᠦᠨ ᠭᠡᠪᠡᠯᠪᠡᠽᠠᠩ ᠷᠭᠢᠨᠮᠰᠤ ᠰᠢᠷᠢᠪᠡᠳᠡ ᠶ᠋ᠢ ᠮᠣᠩᠭᠣᠯ ᠤ᠋ᠨ ᠭᠠᠵᠠᠷ᠎ᠠ ᠢᠯᠡᠭᠡᠵᠡᠢ ᠃ᠲᠡᠷᠡ ᠮᠥᠨ ᠳᠠᠷᠠᠭ᠎ᠠ ᠵᠢᠯ ᠨᠢ ᠲᠦᠮᠡᠳ ᠲᠦ᠍ ᠵᠠᠯᠠᠷᠠᠨ ᠢᠷᠡᠵᠦ ᠳᠠᠯᠠᠢ ᠯᠠᠮᠠ ᠶᠤᠨᠳᠣᠨᠵᠠᠮᠰᠤ ᠶ᠋ᠢᠨ ᠰᠠᠭᠠᠳᠠᠨ ᠰᠠᠭᠤᠭᠰᠠᠨ ᠰᠢᠷᠡᠬᠡᠨ᠎ᠡ ᠰᠠᠭᠤᠬᠤ ᠳ᠋ᠤ᠌ ᠶᠡᠬᠡᠳᠡ ᠠᠰᠠᠷᠠᠭᠴᠢ ᠮᠠᠢᠳᠠᠷᠢ ᠬᠤᠲᠤᠭᠲᠤ ᠭᠡᠵᠦ ᠡᠷᠭᠦᠮᠵᠢᠯᠡᠭᠳᠡᠵᠡᠢ ᠃
②ᠨᠠᠮᠤᠲᠠᠢ ᠰᠡᠴᠡᠨ ᠬᠠᠭᠠᠨ ᠤ᠋ ᠠᠴᠢ ᠪᠣᠱᠣᠭ ᠲᠤ᠌ ᠬᠣᠩ ᠲᠠᠢᠵᠢ ᠶ᠋ᠢᠨ ᠬᠥᠪᠡᠭᠦᠨ ᠃
ᠬᠠᠮᠤᠭ ᠠᠮᠢᠲᠠᠨ ᠤ᠋ ᠲᠤᠰᠠ ᠶ᠋ᠢᠨ ᠲᠤᠯᠠ ᠠᠬᠤᠢ ᠶᠡᠬᠡ ᠪᠤᠶᠠᠨ ᠪᠠᠷᠠᠮᠢᠳ ᠢ᠋ ᠡᠷᠭᠦᠵᠦ ᠪᠦᠷ ᠦ᠋ᠨ ᠂
ᠬᠠᠢᠷᠠᠯᠠᠨ ᠨᠢᠭᠦᠯᠡᠰᠬᠦᠢ ᠰᠡᠳᠬᠢᠯ ᠢ᠋ᠶ᠋ᠡᠷ ᠮᠠᠢᠳᠠᠷᠢ ᠬᠤᠲᠤᠭ ᠲᠤ᠌ ᠡᠰᠷᠤᠠ ᠶ᠋ᠢᠨ ᠡᠭᠡᠰᠢᠭ ᠦ᠋ᠨ ᠨᠣᠮ ᠤ᠋ᠨ ᠳᠠᠭᠤᠨ ᠢ᠋ ᠳᠠᠭᠤᠷᠢᠰᠬᠠᠪᠠᠢ ᠃
ᠳᠡᠭᠦᠨᠦ ᠬᠤᠢᠨ᠎ᠠ ᠨᠠᠮᠤᠲᠠᠢ ᠰᠡᠴᠡᠨ ᠬᠠᠭᠠᠨ ᠂ ᠵᠥᠩᠭᠡᠨ ᠬᠠᠲᠤᠨ ᠂ ᠬᠣᠩ ᠲᠠᠢᠵᠢ ᠭᠤᠷᠪᠠᠭᠤᠯᠠ ᠂
ᠳᠡᠭᠡᠳᠦ ᠪᠣᠭᠳᠠ ᠬᠠᠭᠠᠨ ᠤ᠋ ᠲᠥᠷᠥ ᠶ᠋ᠢ ᠨᠣᠮ ᠤ᠋ᠨ ᠶᠣᠰᠣᠭᠠᠷ ᠶᠠᠪᠤᠭᠤᠯᠤᠭᠠᠳ ᠂
ᠲᠡᠭᠰᠢ ᠪᠤᠷᠬᠠᠨ ᠪᠠᠭᠰᠢ ᠶ᠋ᠢᠨ ᠨᠣᠮᠯᠠᠭᠰᠠᠨ ᠵᠠᠭᠤᠨ ᠨᠠᠢ᠍ᠮᠠᠨ ᠭᠡᠨᠵᠤᠷ ᠨᠣᠮ① ᠢ᠋ ᠮᠣᠩᠭᠣᠯ ᠤ᠋ᠨ ᠬᠡᠯᠡᠪᠡᠷ ᠂
ᠲᠡᠷᠡ ᠴᠠᠭ ᠲᠤ᠌ ᠰᠢᠷᠡᠭᠡ ᠳ᠋ᠦ᠍ ᠬᠥᠰᠢ ᠴᠣᠷᠵᠢ ᠂ ᠠᠶᠤᠰᠢ ᠠᠨᠠᠨᠲᠠ ᠮᠠᠨᠵᠤᠰᠢᠷᠢ ᠬᠥᠰᠢ ᠲᠡᠷᠢᠭᠦᠲᠡᠨ ᠪᠠ ᠂
ᠭᠠᠢᠬᠠᠮᠰᠢᠭ᠋ ᠭᠤᠷᠪᠠᠨ ᠲᠦᠮᠡᠨ ᠦ᠌ ᠬᠡᠯᠡᠮᠦᠷᠴᠢ ᠮᠡᠷᠭᠡᠳ ᠢ᠋ᠶ᠋ᠠᠷ ᠂
ᠬᠠᠷ᠎ᠠ ᠪᠠᠷᠰ ᠵᠢᠯ ᠡᠴᠡ ᠤᠯᠠᠭᠠᠨ ᠬᠣᠨᠢᠨ ᠵᠢᠯ ② ᠬᠦᠷᠳᠡᠯ᠎ᠡ ᠪᠡᠷ ᠂
ᠬᠠᠮᠤᠭ ᠨᠣᠮ ᠤ᠋ᠳ ᠢ᠋ ᠪᠦᠷᠢᠨ ᠲᠡᠭᠦᠰ ᠣᠷᠴᠢᠭᠤᠯᠵᠤ ᠪᠦᠷ ᠦ᠋ᠨ ᠂
ᠭᠠᠢᠬᠠᠮᠰᠢᠭ ᠵᠣᠬᠢᠰᠲᠠᠶᠠ ᠳᠡᠪᠲᠡᠷ ᠲᠣᠷ ᠣᠨᠣᠰᠢᠭᠤᠯᠵᠤ ᠲᠠᠯᠪᠢᠪᠠᠢ ᠃
ᠴᠡᠭᠷᠡᠸᠠᠷᠳᠢ ᠠᠯᠲᠠᠨ ᠬᠠᠭᠠᠨ ᠤ᠋ ᠠᠴᠢ ᠬᠥᠪᠡᠭᠦᠨ ᠢᠨᠦ ᠂
— — — —
① ᠭᠡᠨᠵᠦᠷ ᠨᠣᠮ ᠢ᠋ ᠨᠢᠭᠡ ᠵᠠᠭᠤᠨ ᠨᠠᠢ᠍ᠮᠠᠨ ᠪᠣᠳᠢ ᠬᠤᠪᠢᠶᠠᠬᠤ ᠲᠤᠯᠠ ᠢᠩᠭᠢᠵᠦ ᠨᠡᠷᠡᠢᠳᠦᠭᠰᠡᠨ ᠪᠢᠯᠡ ᠃
②ᠳᠠᠷᠤᠢ ᠬᠠᠷ᠎ᠠ ᠡᠷ᠎ᠡ ᠪᠠᠷᠰ ᠵᠢᠯ ( ᠸᠠᠨ ᠯᠢ ᠶ᠋ᠢᠨ ᠭᠤᠴᠢᠳᠤᠭᠠᠷ ᠣᠨ ᠂1602 ᠣᠨ )ᠠᠴᠠ ᠤᠯᠠᠭᠠᠨ ᠡᠮ᠎ᠡ ᠬᠣᠨᠢᠨ ᠵᠢᠯ ( ᠸᠠᠨ ᠯᠢ ᠶ᠋ᠢᠨ ᠭᠤᠴᠢᠨ ᠲᠠᠪᠤᠳᠤᠭᠠᠷ ᠣᠨ ᠂ 1607 ᠣᠨ ) ᠬᠦᠷᠲᠡᠯᠡᠬᠢ ᠬᠤᠭᠤᠴᠠᠭ᠎ᠠ᠃
ᠴᠠᠭ ᠦᠭᠡᠢ ᠰᠦᠰᠦᠭ ᠪᠢᠰᠢᠷᠡᠯ ᠶᠡᠬᠡ ᠳ᠋ᠦ᠍ ᠣᠨᠪᠤ ᠬᠣᠩ ᠲᠠᠢᠵᠢ ᠂
ᠴᠠᠭᠠᠨ ᠳ᠋ᠠᠷ᠎ᠠ ᠪᠣᠳᠢᠰᠤᠩ ᠤ᠋ᠨ ᠵᠠᠯᠠᠵᠤ ᠢᠷᠡᠭᠰᠡᠨ ᠵᠣᠣ ᠠᠩᠭᠣᠪᠢ ᠯᠤᠭ᠎ᠠ ᠠᠳᠠᠯᠢᠳᠬᠠᠵᠤ ᠂
ᠴᠠᠭᠯᠠᠰᠢ ᠦᠭᠡᠢ ᠡᠯᠳᠡᠪ ᠵᠦᠢᠯ ᠳ᠋ᠦ᠍ ᠡᠷᠳᠡᠨᠢᠰ ᠢ᠋ᠶ᠋ᠡᠷ ᠡᠭᠦᠳᠬᠡᠭᠦᠯᠵᠦ ᠪᠦᠷ ᠦ᠋ᠨ ᠃
ᠡᠷᠳᠡᠨᠢ ᠵᠣᠣ ᠰᠢᠭᠡᠮᠦᠨᠢ ᠵᠡᠭᠦᠨ ᠡᠲᠡᠭᠡᠳ ᠳᠠᠬᠢ ᠂
ᠡᠰᠷᠦᠨ ᠴᠡᠭᠷᠡᠸᠡᠷᠳᠢ ᠠᠯᠲᠠᠨ ᠬᠠᠭᠠᠨ ᠤ᠋ ᠬᠥᠪᠡᠭᠦᠳ ᠪᠤᠳᠠᠰᠢᠷᠢ ᠬᠣᠩ ᠲᠠᠢᠵᠢ ᠡᠴᠢᠭᠡ ᠶᠦ᠍ᠭᠡᠨ ᠂
ᠡᠷᠭᠢᠨ ᠭᠤᠷᠪᠠᠨ ᠴᠠᠭ ᠤ᠋ᠨ ᠰᠡᠢᠪᠠᠷ ᠤᠲᠤᠭᠰᠠᠳ ᠤ᠋ᠨ ᠪᠡᠶ᠎ᠡ ᠪᠠᠢᠭᠤᠯᠤᠭᠰᠠᠨ ᠰᠦᠮ᠎ᠡ ᠳ᠋ᠦ᠍ᠷ᠂
ᠡᠯᠳᠡᠪ ᠵᠦᠢᠯ ᠡᠷᠳᠡᠮ ᠳ᠋ᠦ᠍ ᠤᠷᠠᠳ ᠢ᠋ᠶ᠋ᠠᠷ ᠵᠣᠣ ᠠᠩᠭᠤᠪᠢ ᠶ᠋ᠢᠨ ᠪᠡᠶ᠎ᠡ ᠶ᠋ᠢ ᠪᠤᠰᠬᠠᠵᠤ᠃
ᠬᠣᠶᠠᠳᠤᠭᠠᠷ ᠢᠯᠭᠠᠯ ᠦᠭᠡᠢ ᠵᠣᠣ ᠰᠦᠮ᠎ᠡ ᠶ᠋ᠢᠨ ᠡᠮᠦᠨ᠎ᠡ ᠬᠡᠢᠳ ᠪᠠᠢᠭᠤᠯᠵᠤ ᠂
ᠬᠣᠲᠠᠯᠠ ᠲᠡᠭᠦᠰᠦᠭᠰᠡᠨ ᠡᠯᠳᠡᠪ ᠵᠦᠢᠯ ᠳ᠋ᠦ᠍ ᠲᠠᠬᠢᠯ ᠨᠤᠭᠤᠳ ᠢ᠋ᠶ᠋ᠠᠷ ᠳᠠᠬᠢᠵᠤ ᠂
ᠬᠤᠪᠢᠯᠭᠠᠨ ᠰᠠᠷ᠎ᠠ ᠶ᠋ᠢᠨ ᠰᠢᠨ᠎ᠠ ᠶ᠋ᠢᠨ ᠨᠠᠢ᠍ᠮᠠᠨ ᠠ᠋ᠴᠠ ᠬᠣᠷᠢᠨ ᠬᠦᠷᠳᠡᠯ᠎ᠡ ᠢᠷᠦᠭᠡᠷ ᠪᠠᠷᠠᠮᠢᠳ ᠢ᠋ ᠂
ᠬᠤᠲᠤᠭ ᠲᠠᠨ ᠬᠤᠸᠠᠷᠠᠭ ᠤ᠋ᠳ ᠤ᠋ᠨ ᠴᠢᠭᠤᠯᠭᠠᠨ ᠢ᠋ᠶ᠋ᠠᠷ ᠢᠷᠦᠭᠡᠯᠭᠡᠮᠦᠢ ᠳᠠᠭᠤᠷᠢᠰᠬᠠᠵᠤ ᠃
ᠭᠡᠭᠡᠨ ᠬᠠᠭᠠᠨ ᠬᠡᠳᠦᠢ ᠲᠣᠭᠠᠲᠠᠨ ᠬᠠᠲᠤᠳ ᠠᠪᠤᠭᠰᠠᠨ ᠂
ᠬᠡᠳᠦᠢ ᠲᠣᠭᠠᠲᠠᠨ ᠬᠥᠪᠡᠭᠦᠳ ᠥᠬᠢᠳ ᠢ᠋ ᠲᠥᠷᠥᠭᠦᠯᠦᠭᠰᠡᠨ ᠂
ᠬᠢᠵᠢᠶᠡ ᠳᠡ ᠠᠰᠤᠷᠤ ᠳᠤᠷᠠᠬᠠᠷᠤ ᠵᠠᠰᠠᠭ ᠴᠠᠭᠠᠵᠢ ᠪᠠᠢᠭᠤᠯᠤᠭᠰᠠᠨ ᠂
ᠭᠡᠯᠭᠦ ᠶᠡᠬᠡ ᠤᠯᠤᠰ ᠤ᠋ᠨ ᠬᠠᠭᠠᠴᠠᠭᠰᠠᠨ ᠲᠥᠷᠥ ᠶ᠋ᠢ ᠬᠠᠮᠲᠤᠳᠬᠠᠭᠰᠠᠨ ᠂
ᠲᠡᠳᠡᠭᠡᠷ ᠣᠯᠠᠨ ᠲᠣᠭᠠᠲᠠᠨ ᠶᠠᠪᠤᠳᠠᠯ ᠠ᠋ᠴᠠ ᠢᠨᠤ ᠡᠳᠦᠢ ᠲᠡᠳᠦᠢ ᠰᠣᠨᠣᠰᠤᠭᠰᠠᠨ ᠢ᠋ᠶ᠋ᠠᠷ ᠬᠣᠷᠢᠶᠠᠨ ᠪᠢᠴᠢᠭᠰᠡᠨ ᠪᠤᠶᠤ ᠃
ᠴᠡᠭᠷᠡᠸᠡᠷᠳᠢ ᠠᠯᠲᠠᠨ ᠬᠠᠭᠠᠨ ᠤ᠋ ᠲᠥᠷᠥᠯ ᠢ᠋ ᠤᠬᠠᠭᠤᠯᠬᠤᠢ ᠡᠷᠳᠡᠨᠢ ᠲᠣᠯᠢ ᠨᠡᠷᠡᠲᠦ ᠬᠤᠷᠢᠶᠠᠩᠭᠤᠢ ᠴᠡᠳᠢᠭ ᠲᠡᠭᠦᠰᠪᠡ ᠃
ᠢᠮᠠᠭᠲᠠ ᠪᠣᠳᠢ ᠶᠠᠪᠤᠳᠠᠯ ᠤ᠋ᠨ ᠮᠠᠲᠠᠯ ᠢ᠋ ᠣᠭᠣᠭᠠᠲᠠ ᠳᠤᠭᠤᠯᠤᠭᠠᠳ
ᠢᠯᠠᠩᠭᠤᠶ᠎ᠠ ᠮᠡᠳᠡᠨ ᠡᠨᠡᠷᠢᠬᠦ ᠶ᠋ᠢᠨ ᠮᠢᠩᠭᠠᠨ ᠨᠠᠷᠠᠨ ᠢ᠋ᠶ᠋ᠠᠷ ᠭᠡᠢᠭᠦᠯᠵᠦ ᠂
ᠢᠯᠠᠭᠤᠭᠰᠠᠨ ᠪᠤᠷᠬᠠᠨ ᠤ᠋ ᠱᠠᠰᠢᠨ ᠢ᠋ ᠠᠷᠪᠠᠨ ᠵᠦᠭ ᠲᠦ᠍ᠷ ᠳᠡᠯᠭᠡᠷᠡᠭᠦᠯᠦᠭᠴᠢ ᠂
ᠢᠲᠡᠭᠡᠯ ᠦ᠋ᠨ ᠣᠷᠣᠨ ᠪᠣᠭᠳᠠ ᠨᠠᠷᠠᠨ ᠮᠡᠲᠦ ᠯᠠᠮᠠ ᠨᠠᠷ ᠲᠤᠷ ᠵᠠᠯᠪᠠᠷᠢᠮᠤᠢ!
ᠠᠷᠢᠭᠤᠨ ᠬᠣᠶᠠᠷ ᠴᠢᠭᠤᠯᠭᠠᠨ ᠤ᠋ ᠳᠡᠯᠡᠬᠡᠢ ᠳ᠋ᠦ᠍ᠷ ᠳᠡᠭᠡᠳᠦ ᠬᠥᠯᠭᠡᠨ ᠦ᠌ ᠦᠷᠡᠰ ᠢ᠋ ᠂
ᠠᠷᠢᠯᠤᠭᠰᠠᠨ ᠬᠣᠭᠣᠰᠣᠨ ᠨᠢᠭᠦᠯᠡᠰᠬᠦ ᠶ᠋ᠢᠨ ᠤᠰᠤᠨ ᠢ᠋ᠶ᠋ᠠᠷ ᠴᠢᠭᠢᠳᠬᠡᠵᠦ ᠪᠦᠷ ᠦ᠋ᠨ ᠂
ᠠᠮᠤᠭᠤᠯᠠᠩ ᠭᠤᠷᠪᠠᠨ ᠭᠦᠯᠭᠡᠨ ᠦ᠌ ᠴᠠᠭᠠᠨ ᠯᠢᠩᠬᠤ᠎ᠠ ᠰᠡᠴᠡᠭ ᠢ᠋ ᠳᠡᠯᠭᠡᠷᠡᠭᠦᠯᠦᠭᠴᠢ ᠂
ᠠᠳᠠᠯᠢᠳᠬᠠᠰᠢ ᠦᠭᠡᠢ ᠲᠤᠰᠠ ᠶ᠋ᠢ ᠪᠦᠲᠦᠭᠡᠭᠴᠢ ᠭᠡᠯᠪᠡᠷᠡᠸᠡᠷᠡᠰ ①ᠰᠢᠭᠡᠮᠦᠨᠢ ᠳ᠋ᠦ᠍ᠷ ᠮᠥᠷᠭᠥᠮᠦ !
— — — —
① ᠪᠠᠰᠠ ᠭᠠᠯᠪᠠᠷᠸᠠᠰᠤᠨ ᠪᠤᠶᠤ ᠭᠠᠯᠪᠠᠷᠸᠠᠷᠠᠰ ᠭᠡᠵᠦ ᠪᠢᠴᠢᠨ᠎ᠡ ᠃ ᠡᠷᠲᠡᠨ ᠦ᠌ ᠡᠨᠡᠳᠬᠡᠭ ᠦ᠋ᠨ ᠦᠯᠢᠭᠡᠷ ᠳᠣᠮᠣᠭ ᠲᠤ᠌ ᠭᠠᠷᠳᠠᠭ ᠮᠣᠳᠣᠨ ᠤ᠋ ᠨᠡᠷ᠎ᠡ ᠂ ᠡᠭᠦᠨ ᠢ᠋ ᠲᠥᠪᠡᠳ ᠢ᠋ᠶ᠋ᠡᠷ ᠪᠠᠭᠰᠠᠮ ᠵᠣᠩᠰᠢᠨ ᠭᠡᠵᠦ ᠂ ᠮᠣᠩᠭᠣᠯ ᠪᠢᠴᠢᠭ ᠲᠦ᠍ ᠣᠷᠴᠢᠭᠤᠯᠤᠨ ᠬᠦᠰᠡᠯ ᠢ᠋ ᠬᠠᠩᠭᠠᠭᠴᠢ ᠮᠣᠳᠣᠨ ᠭᠡᠵᠡᠢ ᠃
ᠥᠭᠦᠯᠡᠬᠦᠢ ᠠᠳᠠᠯᠢᠳᠬᠠᠬᠤᠢ ᠥᠭᠡᠬᠦ ᠪᠢᠯᠢᠭ ᠦ᠋ᠨ ᠮᠥᠨ ᠴᠢᠨᠠᠷ ᠲᠤ᠌ ᠂
ᠦᠷᠭᠦᠯᠵᠢ ᠲᠥᠷᠥᠬᠦ ᠲᠦᠷᠢᠳᠬᠡᠯ ᠦᠭᠡᠢ ᠣᠭᠲᠠᠷᠭᠤᠢ ᠮᠡᠲᠦ ᠂
ᠥᠪᠡᠷ᠎ᠡ ᠥᠪᠡᠷ᠎ᠡ ᠤᠬᠠᠭᠴᠢ ᠪᠡᠯᠭᠡ ᠪᠢᠯᠢᠭ ᠦ᠋ᠨ ᠶᠠᠪᠤᠳᠠᠯ ᠳ᠋ᠤ᠌ ᠂
ᠦᠨᠡᠬᠡᠷ ᠭᠤᠷᠪᠠᠨ ᠴᠠᠭ ᠤ᠋ᠨ ᠢᠯᠠᠭᠤᠭᠰᠠᠨ ᠪᠢᠯᠢᠭ ᠪᠠᠷᠠᠮᠢᠳ ᠲᠤᠷ ᠮᠥᠷᠭᠥᠮᠦ ᠴᠢᠮᠠᠲᠤ !
ᠳᠡᠭᠡᠳᠦ ᠪᠣᠭᠳᠠ ᠢᠯᠠᠭᠤᠭᠰᠠᠳ ᠤ᠋ᠨ ᠡᠴᠢᠭᠡ ᠮᠠᠸᠠᠵᠤᠰᠢᠷᠢ᠂
ᠲᠡᠭᠰᠢ ᠨᠢᠭᠦᠯᠡᠰᠬᠦᠢ ᠶ᠋ᠢᠨ ᠡᠵᠡᠨ ᠢᠨᠤ ᠪᠣᠯᠤᠭᠰᠠᠨ ᠯᠤᠸᠠᠬᠢ ᠱᠣᠸᠠᠷᠢ ᠂
ᠲᠡᠷᠰᠯᠡᠭᠴᠢ ᠨᠢᠰᠸᠠᠨᠢᠰ ᠤ᠋ᠨ ᠳᠠᠢᠰᠤᠨ ᠢ᠋ ᠳᠠᠷᠤᠭᠴᠢ ᠸᠴᠢᠷ᠎ᠠ ᠪᠡᠸᠢ ᠂
ᠲᠡᠳᠡᠭᠡᠷ ᠭᠤᠷᠪᠠᠨ ᠢᠲᠡᠭᠡᠯ ᠳ᠋ᠦ᠍ ᠪᠣᠳᠢᠰᠤᠩ ᠳ᠋ᠤᠷ ᠮᠠᠭᠲᠠᠨ ᠮᠥᠷᠭᠥᠮᠦ !
ᠤᠷᠢᠳᠤ ᠬᠠᠮᠤᠭ ᠲᠥᠷᠥᠯ ᠲᠤᠲᠤᠮ ᠳ᠋ᠤᠷ ᠢ᠋ᠶ᠋ᠠᠨ ᠂
ᠦᠯᠡᠮᠵᠢ ᠪᠤᠶᠠᠨ ᠪᠢᠯᠢᠭ ᠦ᠋ᠨ ᠴᠢᠭᠤᠯᠭᠠᠨ ᠢ᠋ ᠬᠤᠷᠢᠶᠠᠭᠰᠠᠨ ᠤ᠋ ᠬᠦᠴᠦ ᠪᠡᠷ ᠂
ᠤᠬᠠᠭᠠᠨ ᠪᠢᠯᠢᠭ ᠬᠦᠴᠦᠨ ᠠᠤᠬᠠ ᠶ᠋ᠢ ᠲᠡᠭᠦᠰ ᠲᠤᠭᠤᠯᠵᠤ ᠂
ᠤᠯᠤᠰ ᠮᠣᠩᠭᠣᠯ ᠤ᠋ᠨ ᠡᠵᠡᠨ ᠢᠨᠤ ᠪᠣᠯᠤᠨ ᠲᠥᠷᠥᠭᠰᠡᠨ ᠂
ᠠᠷᠪᠠᠨ ᠵᠦᠭ ᠦ᠋ᠨ ᠳᠠᠢᠰᠤᠳ ᠢ᠋ ᠡᠷᠬᠡ ᠳ᠋ᠦ᠍ᠷ ᠢ᠋ᠶ᠋ᠠᠨ ᠣᠷᠣᠭᠤᠯᠵᠤ ᠂
ᠠᠯᠳᠠᠷᠰᠢᠭᠰᠠᠨ ᠪᠣᠭᠳᠠ ᠰᠡᠴᠡᠨ ᠬᠠᠭᠠᠨ ᠤ᠋ ᠪᠠᠢᠭᠤᠯᠤᠭᠰᠠᠨ ᠤ᠋ ᠶᠣᠰᠣᠭᠠᠷ ᠂
ᠠᠳᠠᠯᠢᠳᠬᠠᠰᠢ ᠦᠭᠡᠢ ᠲᠥᠷᠥ ᠱᠠᠰᠢᠨ ᠢ᠋ ᠲᠤᠯᠭᠤᠷᠠ ᠠ᠋ᠴᠠ ᠪᠠᠢᠭᠤᠯᠤᠭᠰᠠᠨ ᠂
ᠠᠷᠢᠭᠤᠨ ᠣᠷᠣᠨ ᠳ᠋ᠠᠬᠢ ᠲᠩᠷᠢ ᠶ᠋ᠢᠨ ᠬᠥᠪᠡᠭᠦᠨ ᠠᠯᠲᠠᠨ ᠬᠠᠭᠠᠨ ᠤ᠋ ᠠᠯᠳᠠᠷ ᠤ᠋ᠨ ᠳᠣᠮᠣᠭ ᠢ᠋ ᠂
ᠦᠨᠳᠦᠰᠦᠨ ᠳᠡᠭᠡᠳᠦ ᠯᠠᠮᠠ ᠨᠠᠷ ᠲᠤᠷ ᠢ᠋ᠶ᠋ᠠᠨ ᠵᠠᠯᠪᠠᠷᠢᠮᠤᠢ ᠂
ᠦᠯᠡᠮᠵᠢ ᠪᠣᠭᠳᠠ ᠠᠯᠲᠠᠨ ᠬᠠᠭᠠᠨ ᠤ᠋ ᠨᠡᠷ᠎ᠡ ᠠᠯᠳᠠᠷᠢ ᠥᠴᠦᠬᠡᠨ ᠰᠣᠨᠣᠰᠴᠤ
ᠤᠷᠠᠨ ᠲᠠᠩᠭᠠᠷᠢᠭ᠋ ᠳᠠᠶᠤᠨ ᠬᠢᠶ᠎ᠡ ᠶ᠋ᠢᠨ ᠵᠣᠬᠢᠶᠠᠭᠰᠠᠨ ᠠ᠋ᠴᠠ ᠲᠤᠭᠤᠷᠪᠢᠵᠤ ᠂
ᠤᠯᠠᠮ ᠪᠠᠰᠠ ᠬᠣᠲᠠᠯᠠ ᠳᠠ ᠠᠯᠳᠠᠷᠰᠢᠲᠤᠭᠠᠢ ᠭᠡᠮᠡᠨ ᠪᠢᠴᠢᠪᠡ ᠪᠢ ᠰᠡᠳᠬᠢᠵᠦ ᠃
ᠲᠡᠭᠷᠢᠯᠢᠭ ᠪᠣᠭᠳᠠ ᠠᠯᠲᠠᠨ ᠬᠠᠭᠠᠨ ᠤ᠋ ᠰᠠᠢᠨ ᠶᠠᠪᠤᠳᠠᠯ ᠤ᠋ᠨ ᠴᠡᠳᠢᠭ ᠢ᠋
ᠲᠡᠭᠦᠰ ᠪᠦᠷᠢᠨ ᠪᠢᠴᠢᠬᠦᠶ᠎ᠡ ᠪᠡᠷᠬᠡ ᠳ᠋ᠡᠬᠢ ᠪᠥᠭᠡᠰᠦ ᠪᠡᠷ ᠂
ᠲᠡᠭᠦᠨᠡᠷ ᠬᠥᠪᠡᠭᠦᠳ ᠠᠯᠲᠠᠨ ᠤᠷᠤᠭᠤᠳ ᠢᠨᠤ ᠦᠵᠡᠵᠦ ᠬᠢᠴᠢᠶᠡᠲᠦᠭᠡᠢ ᠭᠡᠮᠡᠨ ᠂
ᠲᠡᠭᠦᠰᠬᠡᠵᠦ ᠡᠳᠦᠢ ᠲᠡᠳᠦᠢ ᠰᠣᠨᠣᠰᠤᠭᠰᠠᠨ ᠢ᠋ᠶ᠋ᠠᠷ ᠳᠡᠪᠲᠡᠷ ᠲᠣᠷ ᠣᠷᠣᠰᠢᠭᠤᠯᠪᠠᠢ ᠪᠢ ᠃
ᠴᠡᠭᠷᠠᠸᠠᠷᠳᠢ ᠠᠯᠲᠠᠨ ᠬᠠᠭᠠᠨ ᠤ᠋ ᠲᠣᠭᠣᠵᠢ 《 ᠡᠷᠳᠡᠨᠢ ᠲᠤᠨᠤᠮᠠᠯ ᠨᠡᠷᠡᠲᠦ ᠰᠤᠳᠤᠷ ᠣᠷᠣᠰᠢᠪᠠ 》 ᠭᠡᠬᠦ ᠡᠨᠡ ᠨᠣᠮ ᠢ᠋ ᠰᠢᠯᠢ ᠶ᠋ᠢᠨ ᠭᠣᠣᠯ ᠠᠢᠮᠠᠭ ᠤ᠋ᠨ ᠪᠠᠷᠠᠭᠤᠨ ᠦᠵᠦᠮᠦᠴᠢᠨ ᠬᠤᠰᠢᠭᠤᠨ ᠤ᠋ ᠸᠠᠩ ᠤ᠋ᠨ ᠣᠷᠳᠣᠨ ᠠ᠋ᠴᠠ ᠣᠯᠵᠠᠢ ᠃ ᠬᠣᠢᠨ᠎ᠠ ᠪᠠᠢᠭ᠎ᠠ ᠪᠠᠷᠠᠭᠤᠨ ᠦᠵᠦᠮᠦᠴᠢᠨ ᠬᠤᠰᠢᠭᠤᠨ ᠤ᠋ ᠸᠠᠩ ᠬᠦᠩ ᠦ᠋ᠨ ᠭᠡᠷ ᠦ᠋ᠨ ᠦᠶ᠎ᠡ ᠶ᠋ᠢᠨ ᠵᠠᠯᠭᠠᠮᠵᠢᠯᠠᠯ ᠢ᠋ ᠪᠣᠯ ᠪᠠᠷᠠᠭᠤᠨ ᠦᠵᠦᠮᠦᠴᠢᠨ ᠬᠤᠰᠢᠭᠤᠨ ᠤ᠋ ᠬᠥᠮᠦᠨ ᠡᠨᠡ ᠨᠣᠮ ᠤ᠋ᠨ ᠰᠡᠭᠦᠯ ᠳ᠋ᠦ᠍ ᠳᠠᠭᠠᠯᠳᠤᠭᠤᠯᠤᠭᠰᠠᠨ ᠨᠢ ᠮᠠᠭᠠᠳ ᠪᠢᠯᠡ ᠃ ᠡᠨᠡ ᠨᠢ ᠬᠡᠳᠦᠢᠪᠡᠷ ᠲᠤᠰ ᠨᠣᠮ ᠯᠤᠭ᠎ᠠ ᠬᠣᠯᠪᠣᠭ᠎ᠠ ᠦᠭᠡᠢ ᠵᠦᠢᠯ ᠪᠣᠯᠪᠠᠴᠤ ᠨᠢᠭᠡᠨ ᠬᠠᠭᠤᠳᠠᠰᠤ ᠶ᠋ᠢᠨ ᠲᠡᠳᠦᠢ ᠯᠡ ᠲᠤᠯᠠ ᠮᠥᠨ ᠬᠣᠢᠨ᠎ᠠ ᠨᠢ ᠳᠠᠭᠠᠯᠳᠤᠭᠤᠯᠪᠠ ᠃
ᠰᠣᠳᠣ ᠴᠢᠩᠭᠢᠰ ᠬᠠᠭᠠᠨ ᠂
ᠡᠭᠦᠨ ᠦ᠌ ᠳᠥᠷᠪᠡᠳᠦᠭᠡᠷ ᠬᠥᠪᠡᠭᠦᠨ ᠲᠤᠯᠤᠢ ᠃
ᠲᠡᠭᠦᠨ ᠦ᠌ ᠬᠥᠪᠡᠭᠦᠨ ᠬᠤᠪᠢᠯᠠᠢ ᠬᠠᠭᠠᠨ ᠃
ᠲᠡᠭᠦᠨ ᠦ᠌ ᠬᠥᠪᠡᠭᠦᠨ ᠴᠢᠩᠭᠢᠮ ᠲᠠᠢᠵᠢ ᠃
ᠲᠡᠭᠦᠨ ᠦ᠌ ᠬᠥᠪᠡᠭᠦᠨ ᠳ᠋ᠠᠷᠮᠠᠪᠠᠯᠠ ᠲᠠᠢᠵᠢ ᠃
ᠲᠡᠭᠦᠨ ᠦ᠌ ᠬᠥᠪᠡᠭᠦᠨ ᠪᠤᠶᠠᠨᠲᠤ ᠬᠠᠭᠠᠨ ①᠃
ᠲᠡᠭᠦᠨ ᠦ᠌ ᠬᠥᠪᠡᠭᠦᠨ ᠵᠠᠶᠠᠭ᠎ᠠ ᠲᠤ ᠬᠠᠭᠠᠨ ②᠃
ᠲᠡᠭᠦᠨ ᠦ᠌ ᠬᠥᠪᠡᠭᠦᠨ ᠳᠤᠬᠤᠨ ᠲᠡᠮᠦᠷ ᠬᠠᠭᠠᠨ ③᠃
ᠲᠡᠭᠦᠨ ᠦ᠌ ᠬᠥᠪᠡᠭᠦᠨ ᠤᠰᠬᠠᠯ ᠬᠠᠭᠠᠨ ᠃
ᠲᠡᠭᠦᠨ ᠦ᠌ ᠬᠥᠪᠡᠭᠦᠨ ᠬᠠᠷᠭᠤᠴᠠᠭ ᠳᠦᠭᠦᠷᠡᠩ ᠬᠤᠸᠩ ᠲᠠᠢᠵᠢ ᠃
ᠲᠡᠭᠦᠨ ᠦ᠌ ᠬᠥᠪᠡᠭᠦᠨ ᠠᠵᠠᠢ ᠲᠠᠢᠵᠢ ᠃
— — — —
① ᠶᠤᠸᠠᠨ ᠤᠯᠤᠰ ᠤ᠋ᠨ ᠳᠥᠲᠥᠭᠡᠷ ᠬᠠᠭᠠᠨ ᠃ ᠨᠡᠷ᠎ᠡ ᠠᠶᠤᠷᠪᠠᠯᠪᠠᠳ ᠭᠡᠳᠡᠭ ᠃
② ᠶᠤᠸᠠᠨ ᠤᠯᠤᠰ ᠤ᠋ᠨ ᠶᠢᠰᠦᠳᠦᠭᠡᠷ ᠬᠠᠭᠠᠨ ᠂ ᠨᠡᠷ᠎ᠡ ᠲᠤᠭ ᠲᠡᠮᠦᠷ ᠭᠡᠳᠡᠭ ᠃ᠶᠤᠸᠠᠨ ᠤᠯᠤᠰ ᠤ᠋ᠨ ᠭᠤᠲᠠᠭᠠᠷ ᠬᠠᠭᠠᠨ ᠬᠠᠢᠰᠠᠨ ᠬᠠᠭᠠᠨ ᠤ᠋ ᠬᠥᠪᠡᠭᠦᠨ ᠃ ᠡᠨᠳᠡ ᠪᠤᠶᠠᠨᠲᠤ ᠬᠠᠭᠠᠨ ᠤ᠋ ᠬᠥᠪᠡᠭᠦᠨ ᠭᠡᠳᠡᠭ ᠨᠢ ᠪᠤᠷᠤᠭᠤ ᠪᠣᠯᠵᠠᠢ ᠃
③ᠳᠤᠬᠤᠨ ᠲᠡᠮᠦᠷ ᠪᠣᠯ ᠶᠤᠸᠠᠨ ᠤᠯᠤᠰ ᠤ᠋ᠨ ᠨᠠᠢ᠍ᠮᠠᠳᠤᠭᠠᠷ ᠬᠠᠭᠠᠨ ᠬᠥᠰᠡᠯᠡ (ᠵᠠᠶᠠᠭᠠᠲᠤ ᠬᠠᠭᠠᠨ ᠤ᠋ ᠠᠬ᠎ᠠ ) ᠶ᠋ᠢᠨ ᠬᠥᠪᠡᠭᠦᠨ ᠃ ᠡᠨᠳᠡ ᠵᠠᠶᠠᠭ᠎ᠠ ᠲᠤ ᠬᠠᠭᠠᠨ ᠤ᠋ ᠬᠥᠪᠡᠭᠦᠨ ᠭᠡᠳᠡᠭ ᠨᠢ ᠪᠤᠷᠤᠭᠤ ᠪᠣᠯᠪᠠ ᠃
ᠲᠡᠭᠦᠨ ᠦ᠌ ᠬᠥᠪᠡᠭᠦᠨ ᠬᠠᠷᠭᠤᠴᠠᠭ ᠲᠠᠢᠵᠢ ①᠃
ᠲᠡᠭᠦᠨ ᠦ᠌ ᠬᠥᠪᠡᠭᠦᠨ ᠪᠣᠯᠬᠤ ᠵᠢᠨᠦᠩ ᠃
ᠲᠡᠭᠦᠨ ᠦ᠌ ᠬᠥᠪᠡᠭᠦᠨ ᠲᠠᠶᠠᠨ ᠬᠠᠭᠠᠨ ᠂
ᠲᠡᠭᠦᠨ ᠦ᠌ ᠬᠥᠪᠡᠭᠦᠨ ᠲᠥᠷᠥ ᠪᠣᠯᠣᠳ ᠃
ᠲᠡᠭᠦᠨ ᠦ᠌ ᠬᠥᠪᠡᠭᠦᠨ ᠪᠣᠳᠢ ᠠᠯᠠᠭ ᠬᠠᠭᠠᠨ ᠃
ᠲᠡᠭᠦᠨ ᠦ᠌ ᠬᠥᠪᠡᠭᠦᠨ ᠣᠩᠭᠣᠨ ᠲᠤᠷᠠᠬᠠᠯ ᠨᠣᠶᠠᠨ ᠃
ᠲᠡᠭᠦᠨ ᠦ᠌ ᠬᠥᠪᠡᠭᠦᠨ ᠳᠣᠷᠵᠢ ᠴᠡᠴᠡᠨ ᠵᠢᠨᠦᠩ ᠴᠢᠨ ᠸᠠᠩ ②᠃
ᠲᠡᠭᠦᠨ ᠦ᠌ ᠬᠥᠪᠡᠭᠦᠨ ᠠᠴᠢᠲᠤ ᠡᠷᠳᠡᠨᠢ ᠬᠤᠸᠩ ᠲᠠᠢᠵᠢ ᠃
ᠲᠡᠭᠦᠨ ᠦ᠌ ᠬᠥᠪᠡᠭᠦᠨ ᠰᠡᠴᠡᠨ ᠴᠢᠨ ᠸᠠᠩ ᠴᠠᠭᠠᠨ ᠪᠠᠪᠠᠢ ③᠃
ᠲᠡᠭᠦᠨ ᠦ᠌ ᠬᠥᠪᠡᠭᠦᠨ ᠰᠡᠴᠡᠨ ᠴᠢᠨ ᠸᠠᠩ ᠰᠤᠳᠠᠨᠢ ᠃ ④
— — — —
① ᠬᠠᠷᠭᠤᠴᠠᠭ ᠲᠠᠢᠵᠢ ᠪᠣᠯ ᠠᠵᠠᠢ ᠲᠠᠢᠵᠢ ᠶ᠋ᠢᠨ ᠠᠴᠢ ᠂ ᠠᠭᠪᠠᠷᠵᠢᠨ ᠤ᠋ ᠬᠥᠪᠡᠭᠦᠨ ᠃ ᠡᠨᠳᠡ ᠠᠵᠠᠢ ᠲᠠᠢᠵᠢ ᠶ᠋ᠢᠨ ᠬᠥᠪᠡᠭᠦᠨ ᠭᠡᠰᠡᠨ ᠨᠢ ᠪᠤᠷᠤᠭᠤ ᠪᠣᠯᠪᠠ ᠃
② ᠡᠨᠡ ᠬᠥᠮᠦᠨ ᠪᠣᠯ ᠳᠡᠭᠡᠳᠦ ᠡᠷᠳᠡᠮᠲᠦ(德) ᠶ᠋ᠢᠨ ᠬᠣᠶᠠᠳᠤᠭᠠᠷ ᠣᠨ (1637 ) ᠳ᠋ᠤ᠌ ᠬᠠᠷᠢᠶᠠᠲᠤ ᠠᠢᠮᠠᠭ ᠢ᠋ᠶ᠋ᠠᠨ ᠳᠠᠭᠠᠭᠤᠯᠤᠨ ᠮᠠᠨᠵᠤ ᠳ᠋ᠤ᠌ ᠳᠠᠭᠠᠷ᠎ᠠ ᠢᠷᠡᠪᠡ ᠃ ᠳᠡᠭᠡᠳᠦ ᠡᠷᠳᠡᠮᠲᠦ ᠶ᠋ᠢᠨ ᠵᠢᠷᠭᠤᠳᠤᠭᠠᠷ ᠣᠨ ᠳ᠋ᠤ᠌ ᠵᠠᠰᠠᠭ ᠬᠣᠱᠣᠢ ᠴᠢᠨ ᠸᠠᠩ ᠡᠷᠭᠦᠮᠵᠢᠯᠡᠭᠳᠡᠭᠡᠳ ᠦᠵᠦᠮᠦᠴᠢᠨ ᠪᠠᠷᠠᠭᠤᠨ ᠭᠠᠷᠤᠨ ᠬᠤᠰᠢᠭᠤᠨ ᠢ᠋ ᠵᠠᠬᠢᠷᠪᠠᠢ ᠃1646 ᠣᠨ ᠳ᠋ᠤ᠌ ᠨᠠᠰᠤ ᠪᠠᠷᠠᠪᠠ ᠃
③ᠡᠶᠡᠪᠡᠷ ᠵᠠᠰᠠᠭᠴᠢ (顺治) ᠶ᠋ᠢᠨ ᠭᠤᠲᠠᠭᠠᠷ ᠣᠨ (1647 ) ᠳ᠋ᠤ᠌ ᠵᠠᠰᠠᠭ ᠬᠣᠱᠣᠢ ᠴᠢᠨ ᠸᠠᠩ ᠵᠠᠯᠭᠠᠮᠵᠢᠯᠠᠵᠤ 1657 ᠣᠨ ᠳ᠋ᠤ᠌ ᠨᠠᠰᠤ ᠪᠠᠷᠠᠪᠠ ᠃
④ ᠡᠶᠡᠪᠡᠷ ᠵᠠᠰᠠᠭᠴᠢ ᠶ᠋ᠢᠨ ᠠᠷᠪᠠᠨ ᠲᠠᠪᠤᠳᠤᠭᠠᠷ ᠣᠨ (1658 ) ᠳ᠋ᠤ᠌ ᠵᠠᠰᠠᠭ ᠬᠣᠱᠣᠢ ᠴᠢᠨ ᠸᠠᠩ ᠵᠠᠯᠭᠠᠮᠵᠢᠯᠠᠵᠤ ᠡᠩᠬᠡ ᠠᠮᠤᠭᠤᠯᠠᠩ (康熙) ᠤ᠋ᠨ ᠬᠣᠷᠢ ᠶᠢᠰᠦᠳᠦᠭᠡᠷ ᠣᠨ ( 1690 ) ᠳ᠋ᠤ᠌ ᠨᠠᠰᠤ ᠪᠠᠷᠠᠪᠠ ᠃
ᠮᠠᠲ᠋ᠧᠷᠢᠶᠠᠯ ᠬᠠᠩᠭᠠᠭᠴᠢ ᠵᠢᠴᠢ ᠬᠠᠢᠭ
ᠬᠥᠬᠡ ᠮᠣᠩᠭᠣᠯ( ᠪᠠᠯᠵᠢ ) ᠄ ᠬᠣᠷᠴᠢᠨ ᠪᠠᠷᠠᠭᠤᠨ ᠭᠠᠷᠤᠨ ᠳᠤᠮᠳᠠᠳᠤ ᠬᠣᠰᠢᠭᠤ
ᠦᠰᠦᠭ ᠠᠮᠢᠯᠠᠭᠤᠯᠤᠭᠴᠢ ᠵᠢᠴᠢ ᠬᠠᠢᠭ
ᠠᠯᠲᠠᠨᠰᠦ᠋ᠬᠡ᠄ ᠬᠥᠯᠥᠨ ᠪᠣᠶ᠋ᠢᠷ ᠠᠶ᠋ᠢᠮᠠᠭ ᠤ᠋ᠨ ᠰᠢᠨ᠎ᠡ ᠪᠠᠷᠭᠤ ᠵᠡᠭᠦᠨ ᠬᠤᠰᠢᠭᠤᠨ ᠤ᠋ ᠵᠢᠪᠬᠤᠯᠠᠩᠲᠤ ᠰᠤᠮᠤ ᠶ᠋ᠢᠨ ᠬᠣᠯᠪᠣᠭᠠᠲᠤ ᠭᠠᠴᠠᠭᠠᠨ ᠤ᠋ ᠮᠠᠯᠴᠢᠨ
ᠡᠷᠳᠡᠨᠢ ᠄ ᠰᠢᠨᠵᠢᠶᠠᠩ ᠤ᠋ᠨ ᠪᠣᠷᠣᠳᠠᠯ᠎ᠠ ᠮᠣᠩᠭᠣᠯ ᠥᠪᠡᠷᠲᠡᠭᠡᠨ ᠵᠠᠰᠬᠠᠤ ᠵᠧᠦ ᠶ᠋ᠢᠨ ᠪᠣᠷᠣᠳᠠᠯ᠎ᠠ ᠬᠣᠲᠠ ᠶ᠋ᠢᠨ ᠬᠥᠮᠦᠨ᠂ ᠤᠷᠳᠤᠪᠤᠯᠠᠭ ᠪᠠᠯᠭᠠᠰᠤ ᠶ᠋ᠢᠨ ᠮᠠᠯ ᠠᠵᠤ ᠠᠬᠤᠢ ᠶ᠋ᠢᠨ ᠥᠷᠲᠡᠭᠡ ᠳ᠋ᠦ᠍ ᠠᠵᠢᠯᠯᠠᠵᠤ ᠪᠣᠢ᠃
ᠥᠷᠯᠥᠭ᠄ ᠤᠯᠠᠭᠠᠨᠬᠠᠳᠠ ᠬᠣᠲᠠ ᠶ᠋ᠢᠨ ᠪᠠᠭᠠᠷᠢᠨ ᠵᠡᠭᠦᠨ ᠬᠤᠰᠢᠭᠤᠨ ᠤ᠋ ᠪᠠᠶᠠᠨ᠋ᠠᠭᠤᠯᠠ ᠪᠠᠯᠭᠠᠰᠤ
ᠪᠤᠤ ᠿᠦᠩ ᠬᠤᠸᠠ ᠄ ᠲᠦᠩᠯᠢᠶᠣᠤ ᠬᠣᠲᠠ ᠶ᠋ᠢᠨ ᠬᠣᠷᠴᠢᠨ ᠵᠡᠭᠦᠨ ᠭᠠᠷᠤᠨ ᠬᠣᠶ᠋ᠢᠲᠤ ᠬᠤᠰᠢᠭᠤᠨ ᠤ᠋ ᠨᠤᠭᠤᠰᠤᠲᠠᠢ ᠭᠣᠣᠯ ᠪᠠᠭ᠎ᠠ ᠰᠤᠷᠭᠠᠭᠤᠯᠢ ᠶ᠋ᠢᠨ ᠪᠠᠭᠰᠢ
ᠪᠠᠶᠠᠨᠪᠤᠯᠠᠭ᠄ ᠵᠢᠷᠢᠮ ᠠᠶ᠋ᠢᠮᠠᠭ ᠤ᠋ᠨ ᠨᠠᠢ᠍ᠮᠠᠨ ᠬᠤᠰᠢᠭᠤᠨ ᠤ᠋ ᠬᠣᠩᠬᠣᠷᠳᠠᠯ᠎ᠠ ᠰᠤᠮᠤ ᠶ᠋ᠢᠨ ᠮᠠᠯᠴᠢᠨ
ᠬᠠᠨᠲᠠᠵᠠᠪ ᠄ ᠬᠥᠯᠥᠨ ᠪᠤᠶ᠋ᠢᠷ ᠠᠶ᠋ᠢᠮᠠᠬ ᠤ᠋ᠨ ᠡᠸᠡᠩᠬᠢ ᠬᠤᠰᠢᠭᠤᠨ ᠤ᠋ ᠰᠢᠨᠡᠬᠡᠨ ᠵᠡᠭᠦᠨ ᠰᠤᠮᠤᠨ ᠤ᠋ ᠮᠠᠯ ᠤ᠋ᠨ ᠡᠮᠴᠢ ᠶ᠋ᠢᠨ ᠮᠡᠷᠭᠡᠵᠢᠯ ᠲᠡᠢ᠂ ᠮᠠᠯ ᠤ᠋ᠨ ᠡᠮ ᠦ᠋ᠨ ᠳᠡᠯᠭᠡᠭᠦᠷ ᠡᠷᠬᠢᠯᠡᠵᠦ ᠪᠣᠢ᠃
ᠰᠠᠷᠠᠨ᠎ᠠ ᠄ ᠥᠪᠥᠷ ᠮᠣᠩᠭᠣᠯ ᠤ᠋ᠨ ᠲᠦᠩᠯᠢᠶᠣᠤ ᠬᠣᠲᠠ ᠶ᠋ᠢᠨ ᠨᠠᠢ᠍ᠮᠠᠨ ᠬᠤᠰᠢᠭᠤᠨ ᠤ᠋ ᠳᠠᠴᠢᠨᠲᠠᠯᠡ ᠪᠠᠯᠭᠠᠰᠤ ᠪᠠᠷ ᠨᠤᠲᠤᠭ ᠲᠠᠢ ᠂ ᠬᠤᠪᠢ ᠶ᠋ᠢᠨ ᠠᠵᠤ ᠠᠬᠤᠶ᠋ᠢᠯᠠᠯᠲᠠᠨ ᠃
ᠱᠠᠭᠰᠠᠯ᠄ ᠬᠥᠯᠥᠨ ᠪᠤᠶ᠋ᠢᠷ ᠠᠶ᠋ᠢᠮᠠᠭ ᠤ᠋ᠨ ᠰᠢᠨ᠎ᠡ ᠪᠠᠷᠭᠤ ᠵᠡᠭᠦᠨ ᠬᠤᠰᠢᠭᠤᠨ ᠤ᠋ ᠵᠢᠪᠬᠤᠯᠠᠩᠲᠤ ᠰᠤᠮᠤ
ᠲ · ᠪᠠᠶᠠᠷ ( ᠮᠣᠩᠭᠣᠯ ᠨᠤᠲᠤᠭ )᠄ ᠨᠠᠢ᠍ᠮᠠᠨ ᠬᠤᠰᠢᠭᠤᠨ ᠤ᠋ ᠳᠠᠴᠢᠨᠲᠠᠯ᠎ᠠ ᠪᠠᠯᠭᠠᠰᠤᠨ ᠤ᠋ ᠵᠡᠭᠡᠰᠦᠲᠡᠢ ᠭᠠᠴᠠᠭ᠎ᠠ ( ᠤᠤᠯ ᠤ᠋ᠨ ᠪᠠᠭᠠᠪᠡᠷᠬᠡ ᠰᠤᠮᠤ ᠶ᠋ᠢᠨ ᠱᠸᠵᠢᠨ ᠭᠠᠴᠠᠭ᠎ᠠ )
ᠲᠠᠯᠠᠶ᠋ᠢᠪᠠᠶᠠᠷ ᠄ ᠬᠥᠯᠥᠨ ᠪᠤᠶ᠋ᠢᠷ ᠠᠶ᠋ᠢᠮᠠᠭ ᠤ᠋ᠨ ᠰᠢᠨ᠎ᠡ ᠪᠠᠷᠭᠤ ᠪᠠᠷᠠᠭᠤᠨ ᠬᠤᠰᠢᠭᠤᠨ ᠤ᠋ ᠬᠡᠷᠦᠯᠦᠨ ᠰᠤᠮᠤ ᠶ᠋ᠢᠨ ᠪᠠᠶᠠᠨᠬᠦ᠋ᠷᠢᠶ᠎ᠡ ᠭᠠᠴᠠᠭᠠᠨ ᠤ᠋ ᠮᠠᠯᠴᠢᠨ
ᠴᠸᠨ ᠬᠤᠪᠢᠰᠬᠠᠯ ᠄ ᠨᠠᠢ᠍ᠮᠠᠨ ᠬᠤᠰᠢᠭᠤᠨ ᠤ᠋ ᠪᠠᠶ᠋ᠢᠰᠢᠩᠲᠤ ᠪᠠᠯᠭᠠᠰᠤᠨ ᠤ᠋ ᠪᠠᠶ᠋ᠢᠰᠢᠩᠲᠤ ᠳᠤᠮᠳᠠᠳᠤ ᠰᠤᠷᠭᠠᠭᠤᠯᠢ ᠶ᠋ᠢᠨ ᠬᠢᠮᠢ ᠶ᠋ᠢᠨ ᠲᠠᠰᠤᠭ ᠤ᠋ᠨ ᠪᠠᠭᠰᠢ
ᠦᠰᠦᠭ ᠬᠢᠨᠠᠭᠴᠢ ᠵᠢᠴᠢ ᠬᠠᠢᠭ
ᠲᠤᠭᠴᠢ ᠰᠠᠷᠠᠨ᠎ᠠ ᠄ ᠪᠡᠭᠡᠵᠢᠩ ᠬᠣᠲᠠ
ᠮᠥᠴᠢᠷ ᠄ ᠲᠦᠩᠯᠢᠶᠣᠤ ᠬᠣᠲᠠ ᠶ᠋ᠢᠨ ᠨᠠᠢ᠍ᠮᠠᠨ ᠬᠤᠰᠢᠭᠤᠨ ᠤ᠋ ᠲᠦᠯᠡᠭᠡᠨᠲᠠᠯ᠎ᠠ ᠪᠠᠭ᠎ᠠ ᠰᠤᠷᠭᠠᠭᠤᠯᠢ
ᠪᠤᠤ ᠿᠦᠩ ᠬᠤᠸᠠ ᠄ ᠲᠦᠩᠯᠢᠶᠣᠤ ᠬᠣᠲᠠ ᠶ᠋ᠢᠨ ᠬᠣᠷᠴᠢᠨ ᠵᠡᠭᠦᠨ ᠭᠠᠷᠤᠨ ᠬᠣᠶ᠋ᠢᠲᠤ ᠬᠤᠰᠢᠭᠤᠨ ᠤ᠋ ᠨᠤᠭᠤᠰᠤᠲᠠᠢ ᠭᠣᠣᠯ ᠪᠠᠭ᠎ᠠ ᠰᠤᠷᠭᠠᠭᠤᠯᠢ ᠶ᠋ᠢᠨ ᠪᠠᠭᠰᠢ
ᠮᠡᠷᠭᠡᠵᠢᠯ ᠦ᠋ᠨ ᠠᠵᠢᠯ ᠊ᠢ ᠵᠢᠯᠣᠭᠣᠳᠤᠭᠴᠢ ᠵᠢᠴᠢ ᠬᠠᠢᠭ
ᠬᠥᠬᠡ ᠮᠣᠩᠭᠣᠯ ( ᠪᠠᠯᠵᠢ ) ᠄ ᠬᠣᠷᠴᠢᠨ ᠪᠠᠷᠠᠭᠤᠨ ᠭᠠᠷᠤᠨ ᠳᠤᠮᠳᠠᠳᠤ ᠬᠣᠰᠢᠭᠤ
