ᠥᠨᠳᠥᠷᠯᠢᠭ ᠦᠨ ᠥᠩᠭᠡᠲᠦ ᠵᠡᠭᠦᠳᠦ 〈 ᠮᠥᠴᠡᠯᠬᠡ ᠳᠥᠷᠪᠡ 〉- ᠲ ᠂ ᠭᠣᠮᠪᠣᠵᠠᠪ Өндөрлөгийн өнгөт зүүд 〈 Мөчлөг дөрөв 〉 - Т ᠂ Гомбожав ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠥᠨᠳᠥᠷᠯᠢᠭ ᠦᠨ ᠥᠩᠭᠡᠲᠦ ᠵᠡᠭᠦᠳᠦ 〈 ᠮᠥᠴᠡᠯᠬᠡ ᠳᠥᠷᠪᠡ 〉- ᠲ ᠂ ᠭᠣᠮᠪᠣᠵᠠᠪ Өндөрлөгийн өнгөт зүүд 〈 Мөчлөг дөрөв 〉 - Т ᠂ Гомбожав

ᠥᠨᠳᠥᠷᠯᠢᠭ ᠦᠨ ᠥᠩᠭᠡᠲᠦ ᠵᠡᠭᠦᠳᠦ 〈 ᠮᠥᠴᠡᠯᠬᠡ ᠳᠥᠷᠪᠡ 〉- ᠲ ᠂ ᠭᠣᠮᠪᠣᠵᠠᠪ Өндөрлөгийн өнгөт зүүд 〈 Мөчлөг дөрөв 〉 - Т ᠂ Гомбожав

2023-05-21

183

ᠥᠨᠳᠥᠷᠯᠢᠭ ᠦᠨ ᠥᠩᠭᠡᠲᠦ ᠵᠡᠭᠦᠳᠦ 〈 ᠮᠥᠴᠡᠯᠬᠡ ᠳᠥᠷᠪᠡ 〉

  
          ᠴᠢ ᠬᠢᠭᠡᠳ ᠪᠢ 

       1
 ᠪᠢᠲᠡ ᠬᠣᠶᠠᠭᠤᠯᠠ ᠶᠠᠭᠠᠬᠢᠬᠰᠠᠨ ᠬᠣᠯᠠ ᠪᠢᠯᠡ 
 ᠮᠢᠨᠦ ᠳᠠᠯᠠᠨ ᠬᠠᠷ᠎ᠠ ᠶ᠋ᠢᠨ ᠣᠷᠣᠢ ᠡᠴᠡ 
 ᠨᠠᠷᠠ ᠂ ᠬᠡᠦᠬᠡᠳ ᠨᠠᠰᠤ ᠪᠠᠷ ᠶ᠋ᠢᠠᠨ ᠮᠣᠷᠲᠠᠵᠤ 
 ᠴᠢᠨᠦ ᠲᠩᠷᠢ ᠠᠭᠤᠯᠠ ᠶ᠋ᠢᠨ ᠬᠣᠷᠮᠣᠢ  ᠳᠦ
 ᠰᠠᠨᠴᠢᠭ ᠪᠤᠭᠤᠷᠤᠯ ᠬᠦᠷᠦᠨ᠎ᠡ
 ᠴᠢᠨᠦ ᠠᠯᠲᠠᠢ ᠶ᠋ᠢᠨ ᠬᠦᠷᠡᠩ ᠬᠠᠲᠠᠨ ᠠ᠋ᠴᠠ
 ᠪᠦᠷᠭᠦᠳ ᠂ ᠴᠡᠯ ᠵᠠᠯᠠᠭᠤ ᠪᠠᠷ ᠶ᠋ᠢᠠᠨ ᠨᠢᠰᠴᠦ
 ᠮᠢᠨᠦ ᠮᠤᠨᠢ ᠶ᠋ᠢᠨ ᠰᠢᠷᠭᠠᠯ ᠲᠠᠶ᠋ᠢᠭ᠎ᠠ ᠳᠦ ᠥᠯ ᠴᠠᠭᠠᠨ ᠪᠠᠭᠤᠨ᠎ᠠ 
 ᠤᠴᠠᠷᠠᠶ᠎ᠠ ᠭᠡᠬᠦ ᠪᠣᠲᠣᠯ ᠊ᠢ 
 ᠤᠷᠲᠤ ᠶ᠋ᠢᠨ ᠵᠠᠮ ᠶᠠᠲᠠᠷᠠᠭᠠᠵᠤ
 ᠠᠭᠤᠯᠠ ᠤᠰᠤᠨ ᠪ ᠲᠦᠮᠡᠨ ᠳᠠᠪᠬᠤᠷ ᠪᠠᠷ᠎ᠠ 
 ᠵᠡᠭᠦᠲᠦ ᠪᠣᠲᠣᠯ ᠊ᠢ ᠵᠠᠶ᠋ᠢᠴᠢᠯᠠᠨ᠎ᠠ
 ᠪᠢᠲᠡ ᠬᠣᠶᠠᠭᠤᠯᠠ ᠶᠠᠭᠠᠬᠢᠬᠰᠠᠨ ᠬᠣᠯᠠ ᠪᠢᠯᠡ
 
       2
 ᠪᠢᠲᠡ ᠬᠣᠶᠠᠭᠤᠯᠠ ᠶᠠᠭᠠᠬᠢᠬᠰᠠᠨ ᠣᠶ᠋ᠢᠷ᠎ᠠ ᠪᠢᠯᠡ
 ᠭᠠᠵᠠᠷ ‍ᠢᠶ᠋ᠠᠨ ᠭᠡᠵᠦ ᠥᠶᠥᠭ ᠰᠠᠨᠠᠨ ᠡᠷᠭᠢᠬᠦ
 ᠭᠠᠭᠴᠠᠬᠠᠨ ᠨᠠᠷᠠᠨ ᠪ ᠪᠠᠨ ᠲᠤᠶᠠᠬ᠋᠎ᠠ ᠶ᠋ᠢ ᠲᠣᠰᠣᠨ
 ᠰᠡᠤᠠᠬᠢᠯ ᠮᠢᠨᠢ ᠡᠲᠦᠷᠰᠢᠵᠦ 
 ᠭᠠᠯᠠᠪ ᠭᠡᠳᠡᠭ ᠡᠨᠡ ᠲᠡᠨᠢᠭᠡᠷ ᠵᠠᠢ  ᠳᠦ ᠨᠢᠭᠡ ᠯᠠ ᠵᠠᠶᠠᠭᠠᠨ ᠳᠦ ᠵᠢᠷᠭᠠᠨ᠎ᠠ 
 ᠦᠷ᠎ᠡ ᠪᠡᠨ ᠭᠡᠵᠦ ᠥᠶᠥᠭ ᠰᠠᠨᠠᠨ ᠶᠠᠪᠤᠬᠤ
 ᠥᠷᠯᠥᠭ ᠡᠬᠡ ᠶ᠋ᠢᠨ ‍ᠢᠶ᠋ᠠᠨ ᠰᠦ᠋ ᠶ᠋ᠢ ᠰᠢᠮᠡᠨ 
 ᠬᠠᠶ᠋ᠢᠷ᠎ᠠ ᠮᠢᠨᠢ ᠴᠠᠤᠠᠴᠤ
 ᠠᠮᠢᠲᠤᠷᠠᠯ ᠭᠡᠳᠡᠭ ᠡᠨᠡ ᠲᠣᠮᠣ ᠮᠣᠲᠣᠨ ᠪ ᠨᠢᠭᠡ ᠯᠡ ᠨᠠᠪᠴᠢᠨ ᠳᠤ ᠵᠢᠷᠭᠢᠨ᠎ᠡ
 ᠡᠷᠬᠡ ᠴᠢᠯᠥᠭᠡ ᠭᠡᠬᠦ ᠡᠴᠡ ᠂ ᠴᠢᠰᠤ
 ᠨᠢᠭᠡ ᠯᠠ ᠰᠤᠲᠠᠰᠤ ᠪᠠᠷ ᠯᠤᠭᠰᠢᠵᠤ
 ᠡᠬᠡ ᠣᠷᠣᠨ ᠪ ᠪᠡᠨ ᠰᠠᠶ᠋ᠢᠬᠠᠨ ᠴᠢᠷᠠᠢ ᠳᠡᠭᠡᠷ᠎ᠡ ᠦᠨᠦᠰᠦᠯ᠎ ᠮᠢᠨᠢ ᠳᠠᠪᠬᠤᠴᠠᠨ᠎ᠠ
 ᠪᠢᠲᠡ ᠬᠣᠶᠠᠭᠤᠯᠠ ᠶᠠᠭᠠᠬᠢᠬᠰᠠᠨ ᠣᠶ᠋ᠢᠷ᠎ᠠ ᠪᠢᠯᠡ 

       3
 ᠠᠲᠠᠯᠢ ᠪᠤᠰᠤ ᠶ᠋ᠢᠨ ᠦᠭᠡ ᠬᠡᠯᠡ ᠪᠡᠷ 
 ᠠᠲᠠᠯᠢ ᠨᠢᠭᠡ ᠪᠣᠲᠣᠯ ᠶᠠᠷᠢᠵᠤ
 ᠠᠲᠠᠯᠢ ᠪᠤᠰᠤ ᠶ᠋ᠢᠨ ᠦᠰᠦᠭ ᠪᠢᠴᠢᠭ ᠶ᠋ᠢᠡᠷ
 ᠠᠲᠠᠯᠢ ᠨᠢᠭᠡ ᠵᠡᠭᠦᠲᠦ ᠵᠢᠷᠤᠨ
 ᠠᠯᠲᠠᠢ ᠂ ᠮᠤᠨᠢ ᠶ᠋ᠢᠨ ᠶ᠋ᠢᠡᠨ ᠬᠠᠲᠠᠨ ᠨᠢᠷᠤᠭᠤ ᠪᠠᠷ 
 ᠠᠲᠠᠯᠢᠬᠠᠨ ᠨᠢᠭᠡ ᠲᠩᠷᠢ ᠡᠷᠭᠦᠨ᠎ᠡ
 ᠢᠨᠢᠶᠡᠯ᠎ ᠤᠬᠢᠯᠠᠯ᠎ ᠬᠣᠶᠠᠷ ᠲᠤ 
 ᠨᠢᠭᠡ ᠯᠠ ᠵᠢᠷᠦᠬᠡ ᠪᠡᠷ ᠴᠣᠬᠢᠯᠵᠤ
 ᠢᠷᠡᠭᠡᠲᠦᠢ ᠮᠠᠷᠭᠠᠰᠢ ᠥᠭᠡᠲᠡ ᠪᠡᠨ
 ᠨᠢᠭᠡ ᠯᠠ ᠰᠡᠤᠠᠬᠢᠯ ᠶ᠋ᠢᠡᠷ ᠲᠡᠮᠡᠦᠯᠦᠨ᠎ᠡ
 ᠴᠢ ᠪᠢᠲᠡ ᠬᠣᠶᠠᠷ
 ᠬᠣᠷᠢᠲᠤᠭᠠᠷ ᠵᠠᠭᠤᠨ ᠪ ᠠᠯᠲᠠᠨ ᠳᠠᠪᠠᠬ᠋᠎ᠠ ᠥᠭᠡᠲᠡ
 ᠬᠣᠯᠠ ᠶ᠋ᠢᠨ ᠠᠶᠠᠨ ᠪ ᠬᠥᠰᠭᠡ ᠪᠡᠨ ᠴᠢᠷᠦᠭᠰᠡᠨ
 ᠬᠣᠣᠰ ᠰᠠᠶ᠋ᠢᠬᠠᠨ ᠬᠥᠯᠥᠭ ᠪᠢᠯᠡ
 ᠬᠣᠯᠠ ᠮᠥᠷᠲᠡᠭᠡᠨ ᠣᠪ ᠣᠶ᠋ᠢᠷᠠᠬᠠᠨ
 ᠬᠤᠪᠢᠯᠭᠠᠨ ᠬᠣᠶᠠᠷ ᠳᠠᠯᠠᠪᠴᠢ ᠪᠢᠯᠡ ᠡ


         ᠪᠠᠷᠺᠦᠢ᠍ᠯ  ᠳ᠋ᠡᠬᠢ ᠪᠣᠳᠣᠯᠭᠠᠰᠢᠷᠠᠯ  

 ᠳᠤᠮᠳᠠᠳᠤ ᠠᠽᠢᠶ᠎ᠠ ᠶᠢᠨ 
 ᠲᠣᠭᠰᠢᠨ ᠴᠢᠭᠢᠷᠠᠭ ᠨᠢᠭᠡᠨ ᠪᠠᠷᠰ ᠲᠤᠶᠠᠴᠠᠭᠳᠠᠯ᠎ᠠ 

 ᠥᠨᠳᠥᠷᠯᠢᠭ ᠦᠨ ᠰᠢᠷᠦᠢ ᠶᠢ ᠪᠠᠵᠠᠵᠤ 
 ᠦᠯᠡᠳᠡᠭᠰᠡᠨ᠂ ᠡᠮᠦᠨ᠎ᠡ ᠬᠣᠶᠠᠷ ᠬᠥᠯ ᠨᠢ 
 ᠥᠨᠢᠳᠡ ᠪᠠᠯᠠᠷᠠᠰᠢ ᠦᠭᠡᠢ ᠳᠠᠪᠬᠤᠷ ᠴᠡᠭ ᠪᠣᠯᠵᠤ ᠬᠣᠴᠣᠷᠴᠤ ᠪᠢᠯᠡ  
 
 ᠲᠦᠮᠡᠨ ᠠᠭᠲᠠ ᠶᠢᠨ ᠲᠦᠪᠦᠷᠭᠡᠨ ᠲᠠᠢ 
 ᠲᠡᠤᠬᠡ ᠶᠢᠨ ᠶᠡᠬᠡ 
 ᠲᠦᠷᠴᠢᠭᠢᠨᠡᠭᠰᠡᠨ ᠤᠯᠠᠨ ᠥᠭᠦᠯᠡᠪᠦᠷᠢ ᠨᠣᠭᠥᠳ 
 ᠲᠡᠭᠦᠨ ᠦ ᠡᠮᠦᠨ᠎ᠡ ᠲᠡᠭᠦᠰᠴᠦ 
 ᠨᠠᠮ ᠵᠢᠮᠡᠭᠦᠬᠡᠨ 
 ᠨᠠᠮᠤᠷ ᠤᠨ ᠬᠦᠨᠳᠦᠬᠡᠨ ᠰᠡᠭᠦᠷᠡᠰᠦᠯᠡᠯ 
 ᠲᠡᠭᠦᠨ ᠦ ᠠᠷᠤ ᠠᠴᠠ ᠡᠬᠢᠯᠡᠵᠤ ᠪᠢᠯᠡ ᠡ 
 ᠡᠳᠦᠭᠡ᠂ ᠡᠬᠡ ᠭᠠᠵᠠᠷ ᠤᠨ 
 ᠡᠨᠡ ᠲᠣᠮᠣ ᠳᠠᠪᠬᠤᠷ ᠴᠡᠭ ᠳᠡᠭᠡᠷ᠎ᠡ ᠪᠢ ᠢᠷᠡᠯ᠎ᠡ  
 
 ᠪᠣᠳᠣᠯ ᠮᠢᠨᠢ 
 ᠡᠨᠡ ᠬᠤᠷᠤ᠎ᠠ ᠶᠢᠨ 
 ᠡᠮᠨᠡᠬᠦ ᠮᠡᠷᠭᠡᠵᠢᠯ ᠦᠨ ᠳᠣᠷᠣᠢ ᠳᠤ 
 ᠳᠠᠭᠵᠢᠲᠠᠯ᠎ᠠ ᠬᠣᠷᠣᠰᠴᠤ ᠵᠣᠭᠰᠣᠯ᠎ᠠ ᠠ᠋
 
       ᠠᠭᠤᠯᠵᠠᠯᠲᠠ  
 ᠬᠣᠶᠠᠷ ᠵᠢᠯ ᠤᠷᠭᠤᠭᠰᠠᠨ ᠮᠥᠷᠦᠭᠡᠰᠦᠯ ᠮᠢᠨᠢ ᠵᠢᠮᠢᠰᠥᠯᠡᠯ᠎ᠡ 
 ᠬᠣᠭᠣᠷᠣᠨᠳᠤ ᠪᠠᠨ ᠳᠤᠷᠠᠰᠤᠯᠴᠠᠭᠰᠠᠨ 
 ᠬᠣᠨᠣᠭ ᠤᠨ ᠤᠯᠠᠨ ᠵᠡᠭᠦᠳᠦ ᠨᠣᠭᠥᠳ᠂ ᠨᠠᠮᠠᠭ᠎ᠠ ᠪᠢᠲᠡᠭᠦᠷᠡᠨ ᠬᠦᠬᠡᠷᠡᠵᠤ 
 ᠬᠣᠯᠠ ᠶᠢᠨ ᠵᠠᠢ ᠶᠢ ᠴᠡᠭ ᠪᠣᠯᠭᠠᠨ ᠵᠢᠵᠢᠭᠷᠡᠭᠦᠯᠦᠭᠰᠡᠨ 
 ᠬᠤᠪᠢ ᠵᠣᠯ ᠤᠨ ᠮᠢᠨᠢ ᠥᠨᠳᠥᠷ ᠮᠣᠳᠣ 
 ᠰᠢᠭᠦᠷᠯᠡᠨ᠎ᠡ ᠪᠢᠯᠡ 

 ᠤᠬᠠᠭᠠᠨ ᠮᠠᠷᠲᠠᠭᠤᠯᠤᠮ᠎ᠠ ᠰᠡᠭᠦᠳᠡᠷ ᠲᠤᠨᠢ ᠪᠢᠳᠠ 
 ᠤᠯᠠᠶ᠋ᠢᠲᠠᠯ᠎ᠠ ᠪᠣᠯᠪᠠᠰᠤᠷᠠᠭᠰᠠᠨ ᠵᠢᠮᠢᠰ ‍ᠢᠶ᠋ᠠᠨ ᠲᠡᠪᠡᠷᠢᠨ 
 ᠥᠴᠥᠭᠡᠳᠦᠷ ᠡᠴᠡ ᠪᠡᠨ ᠣᠪ ᠣᠶ᠋ᠢᠷᠠᠬᠠᠨ
 ᠥᠨᠥᠳᠥᠷ᠂ ᠮᠠᠷᠭᠠᠰᠢ ᠠᠴᠠ ᠪᠠᠨ ᠴᠤ᠌ ᠣᠪ ᠣᠶ᠋ᠢᠷᠠᠬᠠᠨ ᠰᠠᠭᠤᠯᠴᠠᠨ᠎ᠠ ᠠ᠋  

 ᠰᠡᠳᠬᠢᠯ ᠦᠳ 
 ᠴᠠᠭ ᠤᠨ ᠠᠯᠲᠠᠨ ᠴᠠᠭᠠᠷᠢᠭ ᠢ ᠳᠠᠪᠠᠨ ᠲᠤᠭᠯᠠᠯᠴᠠᠵᠤ 
 ᠳᠠᠭᠤᠤ ᠨᠢ ᠬᠣᠯᠠᠳᠠᠭᠰᠠᠨ ᠡᠳᠦᠷ ‍ᠤᠳ ‍ᠤᠨ  ‍ᠢᠶ᠋ᠠᠨ 
 ᠳᠤᠷᠠᠳᠬᠠᠯ ᠵᠤᠵᠠᠭᠠᠨ 
 ᠰᠢᠭᠤᠢ ᠳᠤᠮᠳᠠᠭᠤᠷ ᠰᠥᠯᠵᠢᠵᠤ ᠨᠠᠭᠠᠳᠤᠨ᠎ᠠ   

 ᠴᠡᠴᠡᠭᠯᠡᠲᠡᠯ᠎ᠡ ᠶᠠᠷᠢᠬᠤ ᠦᠭᠡ ᠨᠢᠭᠡᠪᠦᠷᠢ ᠳᠦ 
 ᠴᠡᠭᠡᠵᠢᠨ ᠳᠦ ᠦᠷᠭᠡᠯᠡᠭᠰᠡᠨ ᠢᠨᠢᠶᠡᠳᠦ ᠨᠣᠭᠥᠳ  ᠰᠡᠷᠢᠵᠤ 
 ᠴᠢᠩᠭ᠎ᠠ ᠲᠡᠪᠡᠷᠢᠯᠴᠡᠬᠦ ᠵᠢᠷᠦᠬᠡᠨ ᠦ ᠢᠯᠴᠢᠨ ᠳᠦ 
 ᠴᠠᠶ᠋ᠢᠷᠠᠵᠤ ᠮᠥᠩᠬᠡᠷᠡᠭᠰᠡᠨ ᠲᠡᠭᠷᠢ ᠠᠭᠤᠯᠠ ᠶᠢᠨ ᠴᠠᠰᠤ ᠨᠢ 
 ᠮᠡᠯᠡᠰ ᠮᠡᠯᠡᠰ ᠬᠠᠶ᠋ᠢᠯᠵᠤ ᠪᠠᠭᠤᠨ᠎ᠠ ᠠ᠋ 

 ᠬᠦᠰᠡᠯ ᠢᠲᠡᠭᠡᠯ ᠦᠨ 
 ᠬᠦᠨᠳᠦ ᠪᠡᠯᠡᠭ ᠦᠳ  ‍ᠢᠶ᠋ᠠᠨ ᠰᠡᠳᠬᠢᠯ ‍ᠢᠶ᠋ᠠᠷ ‍ᠢᠶ᠋ᠠᠨ ᠰᠣᠯᠢᠯᠴᠠᠵᠤ 
 ᠬᠥᠬᠡ ᠲᠡᠭᠷᠢ ᠪᠡᠨ ᠡᠷᠭᠥᠵᠤ ᠶᠠᠪᠤᠬᠤ ᠶᠢᠨ ᠬᠥᠭᠥᠷᠭᠡ ᠪᠣᠰᠣᠨ᠎ᠠ ᠠ᠋  

 ᠰᠠᠯᠤᠯᠲᠠ ᠶᠢᠨ ᠳᠤᠮᠳᠠᠬᠢ ᠠᠭᠤᠯᠵᠠᠯᠲᠠ 
 ᠰᠠᠷᠠᠨ ᠤ ᠨᠢᠭᠡ ᠤᠳᠠᠭ᠎ᠠ ᠶᠢᠨ ᠳᠠᠷᠠᠯᠠᠯᠠᠯ 
 ᠰᠠᠨᠠᠵᠤ ᠶᠠᠪᠤᠬᠤ ᠶ᠋ᠢᠨ ᠲᠡᠭᠷᠢ ᠳᠦ ᠮᠢᠨᠢ ᠮᠦᠩᠬᠡᠷᠡᠵᠤ ᠭᠡᠷᠡᠯᠲᠦᠨ᠎ᠡ ᠡ 

ᠵᠠᠯᠠᠭᠤ ᠰᠢᠯᠦᠭᠴᠢᠳ ᠦᠨ ᠴᠣᠪᠣᠷᠠᠯ ᠪᠢᠴᠢᠭ᠌ 
          <  ᠢᠷᠡᠬᠦ ᠵᠠᠭᠤᠨ ᠤ ᠬᠣᠩᠬᠣᠨ ᠳᠠᠭᠤᠨ > ᠎ ᠡᠴᠡ ᠬᠠᠭᠤᠯᠪᠠ᠃

       ᠦᠰᠦᠭ ᠠᠮᠢᠯᠠᠭᠤᠯᠤᠭᠰᠠᠨ ᠨᠢ ᠄  ᠲᠩᠷᠢ ᠡᠵᠢ ᠂ ᠴᠣᠯᠮᠣᠨᠲᠤᠶᠠᠭ᠎ᠠ
          ᠬᠢᠨᠠᠭᠴᠢ ᠄  ᠴᠣᠯᠮᠣᠨᠲᠤᠶᠠᠭ᠎ᠠ 
               2023 ᠂ 5 ᠂ 20  ᠪ ᠡᠲᠦᠷ