ᠵᠠᠩᠭᠠᠷ ᠤᠨ ᠣᠷᠣᠰᠢᠯ ᠪᠦᠯᠦᠭ ᠤᠨ ᠠᠷᠪᠠᠨ ᠨᠠᠢ᠍ᠮᠠᠳᠤᠭᠠᠷ ᠬᠡᠰᠡᠭᠯᠡᠯ - ᠠᠯᠲᠠᠨ ᠰᠢᠷ᠎ᠠ ᠪᠠᠮᠪᠠᠯᠪᠠЖангарын оршил бөлгийн арван наймдугаар хэсэглэл-алтан шар бамбалба ᠲᠤᠤᠯᠢᠰ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠠᠩᠭᠠᠷ ᠤᠨ ᠣᠷᠣᠰᠢᠯ ᠪᠦᠯᠦᠭ ᠤᠨ ᠠᠷᠪᠠᠨ ᠨᠠᠢ᠍ᠮᠠᠳᠤᠭᠠᠷ ᠬᠡᠰᠡᠭᠯᠡᠯ - ᠠᠯᠲᠠᠨ ᠰᠢᠷ᠎ᠠ ᠪᠠᠮᠪᠠᠯᠪᠠЖангарын оршил бөлгийн арван наймдугаар хэсэглэл-алтан шар бамбалба

ᠵᠠᠩᠭᠠᠷ ᠤᠨ ᠣᠷᠣᠰᠢᠯ ᠪᠦᠯᠦᠭ ᠤᠨ ᠠᠷᠪᠠᠨ ᠨᠠᠢ᠍ᠮᠠᠳᠤᠭᠠᠷ ᠬᠡᠰᠡᠭᠯᠡᠯ - ᠠᠯᠲᠠᠨ ᠰᠢᠷ᠎ᠠ ᠪᠠᠮᠪᠠᠯᠪᠠЖангарын оршил бөлгийн арван наймдугаар хэсэглэл-алтан шар бамбалба

ᠠᠩᠭᠢᠯᠠᠯ:ᠲᠤᠤᠯᠢᠰ
2023-05-21

562

ᠠᠯᠲᠠᠨ ᠰᠢᠷ᠎ᠠ ᠪᠠᠮᠪᠠᠯᠪᠠ

ᠠᠯᠳᠠᠷ ᠨᠣᠶᠠᠨ ᠪᠣᠭᠳᠠ ᠵᠠᠩᠭᠠᠷ ᠤ᠋ᠨ 

ᠠᠷᠪᠠᠨ ᠳᠠᠪᠬᠤᠷ ᠶᠢᠰᠦᠨ ᠥᠩᠭᠡ ᠶ᠋ᠢᠨ 
ᠠᠯᠲᠠᠨ ᠰᠢᠷ᠎ᠠ ᠪᠠᠮᠪᠠᠯᠪᠠ ᠶ᠋ᠢ 
ᠡᠨᠳᠡ ᠰᠠᠭᠤᠭᠰᠠᠨ ᠲᠠᠨᠠᠷ ᠲᠠᠭᠠᠨ ᠬᠡᠯᠡᠭᠡᠳ ᠦᠵᠡᠳᠡᠭ ᠪᠣᠯᠬᠤᠯ᠎ᠠ ᠂
ᠵᠦᠭ ᠵᠦᠭ ᠦ᠋ᠨ ᠠᠭᠤᠯᠠ ᠶ᠋ᠢ ᠵᠢᠤᠠᠭᠥᠯᠲᠡᠭᠥᠯᠥᠨ ᠪᠠᠷᠢᠭᠰᠠᠨ ᠭᠡᠨ᠎ᠡ ᠯᠡ ᠂
ᠵᠢᠷᠦᠬᠡᠨ ᠴᠠᠭᠠᠨ ᠰᠤᠪᠤᠷᠭ᠎ᠠ ᠶ᠋ᠢ ᠨᠡᠶ᠋ᠢᠯᠡᠯᠲᠡᠭᠥᠯᠦᠨ ᠪᠠᠷᠢᠭᠰᠠᠨ ᠭᠡᠨ᠎ᠡ ᠯᠡ ᠂
ᠣᠷᠣᠢ ᠲᠠᠯ᠎ᠠ ᠠ᠋ᠴᠠ ᠨᠢ ᠬᠠᠯᠢᠶᠠᠬᠤᠯᠠᠷ ᠭᠡᠨ᠎ᠡ ᠯᠡ ᠂
ᠣᠭᠲᠠᠷᠭᠤᠢ ᠶ᠋ᠢᠨ ᠰᠢᠷ᠎ᠠ ᠡᠭᠦᠯᠡ ᠲᠡᠢ ᠬᠤᠤᠠᠬᠤᠯᠲᠠᠭᠤᠯᠤᠨ ᠪᠠᠷᠢᠭᠰᠠᠨ ᠭᠡᠨ᠎ᠡ ᠯᠡ ᠂
ᠪᠠᠷᠠᠭᠤᠨ ᠲᠠᠯ᠎ᠠ ᠠ᠋ᠴᠠ ᠨᠢ ᠬᠠᠯᠢᠶᠠᠬᠤᠯᠠᠷ ᠭᠡᠨ᠎ᠡ ᠯᠡ ᠂
ᠪᠠᠷᠰ ᠭᠣᠷ ᠬᠣᠶᠠᠷ ᠊ᠢ ᠪᠠᠵᠠᠭᠯᠲᠠᠭᠤᠯᠤᠨ ᠰᠡᠶ᠋ᠢᠯᠦᠭᠰᠡᠨ ᠭᠡᠨ᠎ᠡ ᠯᠡ ᠂
ᠠᠷᠤ ᠲᠠᠯ᠎ᠠ ᠠ᠋ᠴᠠ ᠨᠢ ᠬᠠᠯᠢᠶᠠᠬᠤᠯᠠᠷ ᠭᠡᠨ᠎ᠡ ᠯᠡ ᠂
ᠠᠷᠰᠠᠯᠠᠨ ᠵᠠᠭᠠᠨ ᠬᠣᠶᠠᠷ ᠊ᠢ ᠠᠪᠤᠯᠲᠠᠭᠤᠯᠤᠨ ᠰᠡᠶ᠋ᠢᠯᠦᠭᠰᠡᠨ ᠭᠡᠨ᠎ᠡ ᠯᠡ ᠂
ᠵᠡᠭᠦᠨ ᠲᠠᠯ᠎ᠠ ᠠ᠋ᠴᠠ ᠨᠢ ᠬᠠᠯᠢᠶᠠᠬᠤᠯᠠᠷ ᠭᠡᠨ᠎ᠡ ᠯᠡ ᠂
ᠵᠦᠷ ᠭᠣᠷ ᠬᠣᠶᠠᠷ ᠊ᠢ ᠵᠢᠤᠠᠭᠥᠯᠲᠡᠭᠥᠯᠥᠨ ᠰᠡᠶ᠋ᠢᠯᠦᠭᠰᠡᠨ 
ᠡᠯᠢᠭᠡᠨ ᠲᠠᠯ᠎ᠠ ᠠ᠋ᠴᠠ ᠨᠢ ᠬᠠᠯᠢᠶᠠᠬᠤᠯᠠᠷ ᠭᠡᠨ᠎ᠡ ᠯᠡ ᠂
ᠡᠯᠢᠶ᠎ᠡ ᠮᠣᠭᠠᠢ ᠬᠣᠶᠠᠷ ᠊ᠢ ᠡᠷᠭᠢᠯᠲᠡᠭᠥᠯᠥᠨ ᠰᠡᠶ᠋ᠢᠯᠥᠭᠰᠡᠨ 
ᠠᠷᠪᠠᠨ ᠳᠠᠪᠬᠤᠷ ᠶᠢᠰᠦᠨ ᠥᠩᠭᠡ ᠶ᠋ᠢᠨ 
ᠠᠯᠲᠠᠨ ᠰᠢᠷ᠎ᠠ ᠪᠠᠮᠪᠠᠯᠪᠠ ᠭᠡᠵᠦ ᠬᠡᠯᠡᠳᠡᠭ ᠰᠠᠨᠵᠠᠢ ᠭᠡᠨ᠎ᠡ ᠯᠡ ᠃


ᠦᠭᠡᠰ ᠦ᠋ᠨ ᠲᠠᠶ᠋ᠢᠯᠪᠤᠷᠢ 
1
ᠪᠠᠮᠪᠠᠯᠪᠠ — ᠪᠣᠭᠳᠠ ᠨᠣᠶᠠᠨ ᠵᠠᠩᠭᠠᠷ ᠤ᠋ᠨ ᠣᠷᠳᠣᠨ 
2
 ᠬᠠᠯᠢᠶᠠᠬᠤᠯᠠᠷ — ᠬᠠᠷᠠᠬᠤᠯᠠᠷ ᠂ ᠦᠵᠡᠬᠦᠯᠡᠷ ᠃
3
᠂ ᠰᠠᠨᠵᠠᠢ ᠭᠡᠨ᠎ᠡ ᠯᠡ — ᠡᠶ᠋ᠢᠮᠦ  ᠲᠡᠶ᠋ᠢᠮᠦ  ᠢᠩᠬᠢᠭᠰᠡᠨ ᠂ ᠲᠡᠭᠡᠭᠰᠡᠨ ᠂ ᠪᠠᠶ᠋ᠢᠬᠰᠠᠨ  ᠶᠠᠠᠪᠤᠭᠰᠠᠨ  ᠬᠦᠲᠡᠯᠥᠭᠰᠡᠨ 
   2023 
ᠣᠨ ᠤ᠋5 ᠰᠠᠷ᠎ᠠ ᠶ᠋ᠢᠨ4 ᠳ᠋ᠦ᠍ ᠡᠯᠡᠰᠦᠲᠡᠢ ᠬᠣᠲᠠ ᠳ᠋ᠤ᠌ ᠪᠢᠴᠢᠵᠦ ᠲᠡᠮᠳᠡᠭᠯᠡᠪᠡ  

    ᠂ ᠨᠠᠷᠠᠰᠤ ᠃

ᠠᠯᠳᠠᠨ ᠰᠢᠷ᠎ᠠ ᠪᠠᠮᠪᠠᠯᠪᠠ ᠶᠢᠨ ᠲᠠᠢᠯᠤᠮᠵᠢ