ᠡᠷ᠎ᠡ ᠬᠥᠮᠦᠨ ᠪ ᠵᠢᠯᠣᠭᠣ ᠤᠷᠲᠤ ( ᠣᠷᠱᠤᠨ ᠭᠣᠣᠯ ) - ᠦᠭᠡ : ᠠ · ᠣᠷᠲᠤᠨᠠᠰᠤᠨ ᠂ ᠠᠶ᠎ᠠ ᠄ ᠰᠠᠶ᠋ᠢᠨᠴᠤᠭᠲᠤ Эр хүний жолоо урт ( Оршин гол ) – Үг : А · Уртнасан᠂ Ая ᠄ Сайнцогт
ᠡᠷ᠎ᠡ ᠬᠥᠮᠦᠨ ᠪ ᠵᠢᠯᠣᠭᠣ ᠤᠷᠲᠤ
ᠦᠭᠡ ᠄ ᠠ ᠂ ᠣᠷᠲᠤᠨᠠᠰᠤᠨ
ᠠᠶ᠎ᠠ ᠄ ᠰᠠᠢᠨᠴᠣᠭᠲᠤ
ᠠᠷᠢᠭᠤᠨ ᠲᠩᠷᠢ ᠶ᠋ᠢᠨ ᠣᠷᠣᠢ ᠴᠡᠯᠮᠡᠶ᠋ᠢᠭᠡᠳ
ᠠᠯᠲᠠᠨ ᠨᠠᠷᠠᠨ ᠪ ᠭᠡᠷᠡᠯ ᠭᠢᠯᠪᠠᠯᠵᠠᠭᠰᠠᠨ ᠂
ᠠᠭᠤᠲᠠᠮ ᠲᠠᠯ᠎ᠠ ᠶ᠋ᠢᠨ ᠪᠡᠯᠴᠢᠭᠡᠷ ᠴᠡᠯᠭᠡᠷᠡᠭᠡᠳ
ᠠᠯᠠᠭ ᠴᠡᠴᠡᠭ ᠦ᠋ᠨ ᠦᠨᠦᠷ ᠬᠠᠩᠬᠤᠯᠤᠭᠰᠠᠨ ᠂
ᠡᠬᠡ ᠣᠷᠣᠨ ᠪ ᠮᠢᠨᠢ ᠨᠤᠲᠤᠭ ᠡᠯᠪᠡᠭ
ᠡᠷ᠎ᠡ ᠬᠥᠮᠦᠨ ᠪ ᠵᠢᠯᠣᠭᠣ ᠤᠷᠲᠤ ᠶᠤᠮ
ᠡᠮᠡᠭᠡᠯᠲᠦ ᠬᠥᠯᠥᠭ ᠶ᠋ᠢᠡᠨ ᠳᠦᠷᠦᠭᠡᠯᠡᠨ ᠮᠤᠷᠲᠠᠭᠠᠳ
ᠡᠭᠡᠰᠢᠭᠲᠦ ᠳᠠᠭᠤᠤ ᠪᠠᠨ ᠠᠶᠠᠯᠠᠭᠤᠯᠤᠨ ᠳᠠᠪᠬᠢᠭᠤᠯᠤᠶᠠ
ᠪᠣᠶ᠋ᠢᠷ ᠦ᠋ᠨ ᠴᠡᠩᠬᠡᠷ ᠮᠠᠨᠠᠨ ᠲᠤᠨᠢᠶᠠᠷᠲᠤᠭᠠᠳ
ᠪᠣᠰᠤᠬ᠋᠎ᠠ ᠮᠥᠩᠭᠥᠨ ᠳᠣᠯᠭᠢᠶ᠎ᠠ ᠬᠠᠶᠠᠯᠠᠭᠰᠠᠨ ᠂
ᠪᠣᠭᠲᠠ ᠬᠠᠶ᠋ᠢᠷᠬᠠᠨ ᠪ ᠪᠠᠷ᠎ᠠ ᠰᠦᠨᠲᠡᠷᠯᠡᠭᠡᠳ
ᠪᠤᠶᠠᠨ ᠵᠢᠷᠭᠠᠯ ᠦ᠋ᠨ ᠦᠷ᠎ᠡ ᠳᠡᠯᠭᠡᠷᠡᠭᠰᠡᠨ ᠃
ᠳᠠᠬᠢᠯᠲᠠ
ᠢᠷᠡᠯᠲᠡ ᠄
ᠥᠪᠥᠷ ᠮᠣᠩᠭᠣᠯ ᠦ᠋ᠨ ᠰᠣᠶᠣᠯ ᠦ᠋ᠨ ᠬᠡᠪᠯᠡᠯ ᠦ᠋ᠨ ᠬᠣᠷᠢᠶ᠎ᠠ ᠬᠡᠪᠯᠡᠭᠦᠯᠵᠦ ᠂ ᠥᠪᠥᠷ ᠮᠣᠩᠭᠣᠯ ᠦ᠋ᠨ ᠬᠠᠶ᠋ᠢᠯᠠᠷ ᠲᠡᠬᠢ ᠰᠢᠨᠬᠤᠸᠠ ᠬᠡᠪᠯᠡᠬᠦ ᠦᠢᠯᠡᠤᠠᠪᠦᠷᠢ ᠬᠡᠪᠯᠡᠭᠰᠡᠨ ᠂ ᠲᠣᠨᠲᠤᠪ ᠂ ᠲᠦᠭᠦᠷ ᠨᠠᠷ ᠵᠣᠬᠢᠶᠠᠵᠤ ᠂ ᠷᠠᠪᠲᠠᠨ ᠪ ᠠᠶ᠎ᠠ ᠦ᠋ᠨ ᠬᠢᠨᠠᠯᠲᠠ ᠲᠠᠢ ᠃1989 ᠣᠨ ᠪ 8 ᠰᠠᠷ᠎ᠠ ᠳ᠋ᠤ᠌ ᠠᠩᠬᠠᠲᠤᠭᠠᠷ ᠬᠡᠪ ᠊ᠢ ᠬᠢᠵᠦ ᠂ ᠲᠤᠰ ᠵᠢᠯ ᠦ᠋ᠨ 9 ᠰᠠᠷ᠎ᠠ ᠳ᠋ᠤ᠌ ᠠᠩᠬᠠᠲᠤᠭᠠᠷ ᠤᠲᠠᠬ᠋᠎ᠠ ᠬᠡᠪᠯᠡᠨ᠂ ᠬᠦᠯᠦᠨ ᠪᠣᠶ᠋ᠢᠷ ᠠᠶ᠋ᠢᠮᠠᠭ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠭᠰᠠᠨ ᠂《 ᠣᠷᠱᠤᠨ ᠭᠣᠣᠯ 》 ᠭᠡᠬᠦ ᠨᠣᠮ ᠠ᠋ᠴᠠ ᠡᠰᠢᠯᠡᠪᠡ ᠃
ᠦᠰᠦᠭ ᠠᠮᠢᠯᠠᠭᠤᠯᠤᠭᠴᠢ ᠄ ᠪᠤᠷᠭᠢᠯ
ᠦᠰᠦᠭ ᠬᠢᠨᠠᠭᠴᠢ ᠄ ᠪᠠᠶᠠᠷᠴᠡᠴᠡᠭ
2023 ᠣᠨ ᠪ 5 ᠰᠠᠷ᠎ᠠ ᠶ᠋ᠢᠨ 14 ᠤ ᠡᠲᠦᠷ
