ᠬᠥᠮᠦᠨ ᠦ᠌ ᠰᠡᠳᠬᠢᠯ ᠂ ᠬᠥᠷᠥᠰᠥᠲᠦ ᠳᠡᠯᠡᠬᠡᠢ ᠂ ᠬᠥᠰᠢᠶ᠎ᠡ ᠳᠤᠷᠠᠳᠬᠠᠯ - ᠪ᠂ ᠪᠦᠷᠢᠨᠪᠡᠬᠢ Хүний сэтгэл ᠂ Хөрст дэлхий ᠂ Хөшөө дуртгал - Б ᠂ Бүрэнбэх
ᠬᠥᠮᠦᠨ ᠦ᠌ ᠰᠡᠳᠬᠢᠯ ᠂ ᠬᠥᠷᠥᠰᠥᠲᠦ ᠳᠡᠯᠡᠬᠡᠢ ᠂ ᠬᠥᠰᠢᠶ᠎ᠡ ᠳᠤᠷᠠᠳᠬᠠᠯ
ᠳᠤᠷᠠᠳᠬᠠᠯ
ᠮᠢᠩᠭ᠎ᠠ ᠶᠢᠰᠦᠨ ᠵᠠᠭᠤᠨ ᠳᠠᠯᠠᠨ ᠵᠢᠷᠭᠤᠭᠠᠨ ᠣᠨ ᠤ᠋ ᠨᠢᠭᠡᠳᠦᠭᠡᠷ ᠰᠠᠷ᠎ᠠ ᠶ᠋ᠢᠨ ᠨᠠᠢ᠍ᠮᠠᠨ ᠤ᠋ ᠡᠳᠦᠷ ᠃ ᠠᠪᠤᠷᠭᠤ ᠣᠳᠣᠨ ᠠᠯᠲᠠᠨ ᠳᠡᠯᠡᠬᠡᠢ ᠳ᠋ᠦ᠍ ᠤᠨᠠᠯ᠎ᠠ ᠃
ᠬᠥᠳᠡᠭᠡ ᠲᠠᠯ᠎ᠠ ᠶ᠋ᠢᠨ ᠦᠨᠳᠦᠰᠦ ᠪᠠ ᠨᠠᠪᠴᠢ ᠨᠢᠭᠡᠪᠦᠷᠢ ᠂ ᠭᠣᠷᠣᠬ᠎ᠠ ᠪᠠ ᠪᠤᠯᠠᠭ ᠨᠢᠭᠡᠪᠦᠷᠢ ᠂ ᠴᠢᠯᠠᠭᠤ ᠪᠠ ᠬᠠᠢᠷ ᠨᠢᠭᠡᠪᠦᠷᠢ ᠡᠮᠭᠡᠨᠢᠨ ᠭᠠᠰᠢᠭᠤᠳᠠᠭᠰᠠᠭᠠᠷ ᠬᠦᠨᠳᠦᠲᠦ ᠬᠠᠢᠷᠠᠲᠤ ᠶᠡᠷᠦᠩᠬᠡᠢ ᠰᠠᠢᠳ ᠤ᠋ᠨ ᠢ᠋ᠶ᠋ᠠᠨ ᠠᠷᠢᠭᠤᠨ ᠴᠢᠨᠳᠠᠷ ᠢ᠋ ᠲᠣᠰᠣᠨ ᠠᠪᠬᠤ ᠪᠠᠷ ᠠᠭᠠᠷ ᠲᠩᠷᠢ ᠶ᠋ᠢ ᠪᠠᠷᠠᠯᠠᠨ᠎ᠠ ᠃
ᠠᠪᠤᠷᠭᠤ ᠣᠳᠣᠨ ᠠᠯᠲᠠᠨ ᠳᠡᠯᠡᠬᠡᠢ ᠳ᠋ᠦ᠍ ᠤᠨᠠᠯ᠎ᠠ ᠃
ᠠᠭᠲᠠ ᠮᠣᠷᠢᠨ ᠳᠡᠯ ᠢ᠋ᠶ᠋ᠡᠨ ᠳᠡᠪᠢᠰᠴᠦ ᠠᠲᠠᠨ ᠲᠡᠮᠡᠭᠡᠨ ᠵᠣᠭᠳᠣᠷ ᠢ᠋ᠶ᠋ᠠᠨ ᠳᠡᠪᠢᠰᠴᠦ ᠠᠯᠲᠠᠨ ᠪᠦᠷᠭᠦᠳ ᠵᠢᠭᠦᠷ ᠢ᠋ᠶ᠋ᠡᠨ ᠳᠡᠪᠢᠰᠴᠦ ᠡᠮᠭᠡᠨᠢᠨ ᠭᠠᠰᠢᠭᠤᠳᠠᠭᠰᠠᠭᠠᠷ ᠬᠦᠨᠳᠦᠲᠦ ᠬᠠᠢᠷᠠᠲᠤ ᠶᠡᠷᠦᠩᠬᠡᠢ ᠰᠠᠢᠳ ᠤ᠋ᠨ ᠢ᠋ᠶ᠋ᠠᠨ ᠠᠷᠢᠭᠤᠨ ᠴᠢᠨᠳᠠᠷ ᠢ᠋ ᠲᠣᠰᠣᠨ ᠠᠪᠬᠤ ᠪᠠᠷ ᠠᠭᠠᠷ ᠲᠩᠷᠢ ᠶ᠋ᠢ ᠪᠠᠷᠠᠯᠠᠨ᠎ᠠ ᠃
ᠠᠪᠤᠷᠭᠤ ᠣᠳᠣᠨ ᠠᠯᠲᠠᠨ ᠳᠡᠯᠡᠬᠡᠢ ᠳ᠋ᠦ᠍ ᠪᠠᠭᠤᠯ᠎ᠠ ᠃
ᠬᠥᠳᠡᠭᠡ ᠲᠠᠯ᠎ᠠ ᠶ᠋ᠢᠨ ᠮᠠᠯᠴᠢᠨ ᠪᠠ ᠠᠩᠴᠢᠨ ᠨᠢᠭᠡᠪᠦᠷᠢ ᠂ ᠬᠥᠭᠰᠢᠳ ᠪᠠ ᠬᠡᠦᠬᠡᠳ ᠨᠢᠭᠡᠪᠦᠷᠢ ᠂ ᠡᠷᠡᠭᠲᠡᠢᠴᠦᠳ ᠪᠠ ᠡᠮᠡᠭᠲᠡᠢᠴᠦᠳ ᠨᠢᠭᠡᠪᠦᠷᠢ ᠡᠮᠭᠡᠨᠢᠨ ᠭᠠᠰᠢᠭᠤᠳᠠᠭᠰᠠᠭᠠᠷ ᠲᠣᠭᠣᠨᠣ ᠪᠠᠨ ᠰᠡᠬᠦᠵᠦ ᠡᠭᠦᠳᠡ ᠪᠡᠨ ᠨᠡᠭᠡᠭᠡᠨ ᠭᠠᠷ ᠢ᠋ᠶ᠋ᠠᠨ ᠲᠣᠰᠴᠤ ᠬᠦᠨᠳᠦᠲᠦ ᠶᠡᠷᠦᠩᠬᠡᠢ ᠰᠠᠢᠳ ᠤ᠋ᠨ ᠢ᠋ᠶ᠋ᠠᠨ ᠠᠷᠢᠭᠤᠨ ᠴᠢᠨᠳᠠᠷ ᠢ᠋ ᠲᠣᠰᠣᠨ ᠠᠪᠬᠤ ᠪᠠᠷ ᠠᠭᠠᠷ ᠲᠩᠷᠢ ᠶ᠋ᠢ ᠪᠠᠷᠠᠯᠠᠨ᠎ᠠ ᠃
ᠠᠪᠤᠷᠭᠤ ᠣᠳᠣᠨ ᠠᠯᠲᠠᠨ ᠳᠡᠯᠡᠬᠡᠢ ᠳ᠋ᠦ᠍ ᠤᠨᠠᠯ᠎ᠠ ᠃ ᠠᠲᠠᠷ ᠲᠠᠯ᠎ᠠ ᠳ᠋ᠤ᠌ ᠤᠨᠠᠯ᠎ᠠ ᠃ ᠠᠷᠠᠳ ᠲᠦᠮᠡᠨ ᠦ᠌ ᠴᠡᠭᠡᠵᠢᠨ ᠳ᠋ᠦ᠍ ᠤᠨᠠᠯ᠎ᠠ ᠃ ᠲᠡᠷᠡ ᠨᠢ ᠪᠤᠯᠠᠭ ᠤ᠋ᠨ ᠤᠰᠤᠨ ᠳ᠋ᠤ᠌ ᠲᠤᠶᠠᠭ᠎ᠠ ᠪᠠᠨ ᠲᠤᠰᠬᠠᠵᠤ ᠪᠣᠷᠣ ᠰᠢᠷᠣᠢ ᠳ᠋ᠤ᠌ ᠰᠢᠮ᠎ᠡ ᠪᠡᠨ ᠰᠢᠩᠭᠡᠭᠡᠵᠦ ᠪᠣᠮᠠᠨ ᠮᠠᠯᠴᠢᠳ ᠤ᠋ᠨ ᠵᠢᠷᠦᠬᠡᠨ ᠳ᠋ᠦ᠍ ᠢᠯᠴᠢ ᠪᠡᠨ ᠨᠡᠪᠲᠡᠷᠡᠭᠦᠯᠵᠦ ᠠᠯᠲᠠᠨ ᠳᠡᠯᠡᠬᠡᠢ ᠲᠡᠢ ᠬᠠᠮᠲᠤ ᠲᠣᠭᠲᠠᠨᠢᠵᠤ ᠠᠪᠤᠷᠭᠤ ᠪᠠᠢᠭᠠᠯᠢ ᠲᠠᠢ ᠬᠠᠮᠲᠤ ᠴᠡᠴᠡᠭᠯᠡᠵᠦ ᠠᠷᠠᠳ ᠲᠦᠮᠡᠨ ᠲᠡᠢ ᠬᠠᠮᠲᠤ ᠮᠥᠩᠬᠡᠵᠢᠨ᠎ᠡ ᠃
ᠳᠣᠮᠣᠭ
ᠬᠦᠨᠳᠦᠲᠦ ᠬᠠᠢᠷᠠᠲᠤ ᠬᠥᠮᠦᠨ ᠦ᠌ ᠮᠢᠨᠢ ᠠᠷᠢᠭᠤᠨ ᠴᠢᠨᠳᠠᠷ ᠢ᠋ ᠡᠬᠡ ᠤᠯᠤᠰ ᠤ᠋ᠨ ᠮᠢᠨᠢ ᠨᠤᠲᠤᠭ ᠳᠡᠪᠢᠰᠬᠡᠷ ᠳᠡᠭᠡᠷ᠎ᠡ ᠰᠠᠴᠤᠭᠰᠠᠨ ᠠ᠋ᠴᠠ ᠬᠣᠢᠰᠢ ᠂ ᠬᠥᠳᠡᠭᠡ ᠲᠠᠯ᠎ᠠ ᠳ᠋ᠤ᠌ ᠨᠢᠭᠡᠨ ᠭᠠᠢᠬᠠᠮᠰᠢᠭᠲᠤ ᠴᠡᠴᠡᠭ ᠳᠡᠯᠭᠡᠷᠡᠯ᠎ᠡ ᠭᠡᠵᠦ ᠬᠥᠮᠦᠰ ᠬᠡᠯᠡᠯᠴᠡᠳᠡᠭ ᠃
ᠡᠭᠦᠨ ᠡᠴᠡ ᠬᠣᠢᠰᠢ ᠂ ᠲᠠᠯ᠎ᠠ ᠨᠤᠲᠤᠭ ᠲᠤ᠌ ᠨᠢᠭᠡᠨ ᠭᠠᠯ ᠤᠯᠠᠭᠠᠨ ᠴᠡᠴᠡᠭ ᠳᠡᠯᠭᠡᠷᠡᠭᠰᠡᠨ ᠭᠡᠳᠡᠭ ᠃ ᠡᠨᠡᠬᠦ ᠴᠡᠴᠡᠭ ᠬᠥᠷ ᠴᠠᠰᠤᠨ ᠳ᠋ᠤ᠌ ᠬᠥᠯᠳᠡᠳᠡᠭ ᠦᠭᠡᠢ ᠂ ᠬᠦᠢᠲᠡᠨ ᠬᠢᠷᠠᠭᠤᠨ ᠳ᠋ᠤ᠌ ᠬᠠᠭᠠᠷᠢᠭᠳᠠᠳᠠᠭ ᠦᠭᠡᠢ ᠂ ᠬᠦᠴᠦᠲᠦ ᠰᠢᠭᠤᠷᠭᠠᠨ ᠳ᠋ᠤ᠌ ᠵᠤᠯᠭᠠᠷᠠᠳᠠᠭ ᠦᠭᠡᠢ ᠂ ᠬᠡᠵᠢᠶᠡᠳᠡ ᠭᠠᠯ ᠰᠢᠭ᠋ ᠳᠤᠸᠠᠯᠠᠨ ᠳᠦᠷᠡᠯᠵᠡᠭᠰᠡᠭᠡᠷ ᠬᠠᠯᠠᠭᠤᠨ ᠬᠤᠪᠢᠰᠬᠠᠯᠴᠢ ᠶ᠋ᠢᠨ ᠰᠢᠨᠵᠢ ᠪᠡᠯᠭᠡ ᠶ᠋ᠢ ᠬᠠᠷᠠᠭᠤᠯᠤᠭᠰᠠᠨ ᠭᠡᠨ᠎ᠡ ᠃
ᠡᠭᠦᠨ ᠡᠴᠡ ᠬᠣᠢᠰᠢ ᠂ ᠲᠠᠯ᠎ᠠ ᠨᠤᠲᠤᠭ ᠲᠤ᠌ ᠨᠢᠭᠡᠨ ᠰᠦᠨ ᠴᠠᠭᠠᠨ ᠴᠡᠴᠡᠭ ᠳᠡᠯᠭᠡᠷᠡᠭᠰᠡᠨ ᠭᠡᠳᠡᠭ ᠃ ᠡᠨᠡᠬᠦ ᠴᠡᠴᠡᠭ ᠪᠠᠷᠠᠭᠠᠨ ᠰᠡᠭᠦᠳᠡᠷ ᠲᠦ᠍ ᠬᠠᠷᠠᠯᠠᠳᠠᠭ ᠦᠭᠡᠢ᠃ ᠪᠠᠷᠠᠮᠤ ᠶ᠋ᠢᠨ ᠲᠣᠭᠣᠰᠣᠨ ᠳ᠋ᠤ᠌ ᠳᠠᠷᠤᠭᠳᠠᠳᠠᠭ ᠦᠭᠡᠢ᠂ ᠪᠠᠯᠴᠢᠭ ᠰᠢᠪᠠᠷ ᠲᠤ᠌ ᠭᠬᠢᠷᠲᠦᠳᠡᠭ᠂ ᠬᠡᠵᠢᠶᠡᠳᠡ ᠰᠦ ᠰᠢᠭ ᠴᠡᠪᠡᠷ ᠠᠷᠢᠭᠤᠨ ᠳᠡᠯᠭᠡᠷᠡᠭᠰᠡᠭᠡᠷ ᠦᠨᠡᠨᠴᠢ ᠰᠢᠳᠦᠷᠭᠠ ᠶ᠋ᠢᠨ ᠪᠡᠯᠭᠡ ᠰᠢᠨᠵᠢ ᠶ᠋ᠢ ᠬᠠᠷᠠᠭᠤᠯᠤᠭᠰᠠᠨ ᠭᠡᠨ᠎ᠡ᠃
ᠡᠭᠦᠨ ᠡᠴᠡ ᠬᠣᠢᠰᠢ ᠂ ᠲᠠᠯ᠎ᠠ ᠨᠤᠲᠤᠭ ᠲᠤ᠌ ᠨᠢᠭᠡᠨ ᠠᠯᠲᠠᠨ ᠰᠢᠷᠭᠠᠯ ᠴᠡᠴᠡᠭ ᠳᠡᠯᠭᠡᠷᠡᠭᠰᠡᠨ ᠭᠡᠳᠡᠭ ᠃ ᠡᠨᠡᠬᠦ ᠴᠡᠴᠡᠭ ᠬᠠᠷᠠᠩᠭᠤᠢ ᠰᠥᠨᠢ ᠭᠡᠷᠡᠯᠲᠦᠵᠦ᠂ ᠪᠦᠷᠦᠩᠬᠦᠢ ᠮᠠᠨᠠᠨ ᠳ᠋ᠤ᠌ ᠲᠤᠶᠠᠭᠠᠷᠠᠨ ᠬᠠᠷ᠎ᠠ ᠰᠢᠭᠤᠷᠭᠠᠨ ᠳ᠋ᠤ᠌ ᠭᠢᠯᠠᠯᠵᠠᠨ ᠳᠡᠯᠭᠡᠷᠡᠭᠰᠡᠭᠡᠷ ᠰᠠᠷᠠᠭᠤᠯ ᠭᠡᠭᠡᠨ ᠦ ᠪᠡᠯᠭᠡ ᠰᠢᠨᠵᠢ ᠶ᠋ᠢ ᠬᠠᠷᠠᠭᠤᠯᠤᠭᠰᠠᠨ ᠭᠡᠨ᠎ᠡ᠃
ᠬᠥᠰᠢᠶ᠎ᠡ
ᠡᠨᠡᠷᠢᠯ ᠬᠠᠢᠷᠠᠲᠤ ᠶᠡᠷᠦᠩᠬᠡᠢ ᠰᠠᠢᠳ ᠠ᠋ !
ᠲᠦᠮᠡᠨ ᠬᠥᠳᠡᠯᠮᠦᠷᠢᠴᠢ ᠶ᠋ᠢᠨ ᠲᠡᠷᠢᠭᠦᠨ ᠢ᠋ ᠥᠨᠳᠡᠢᠯᠭᠡᠵᠦ ᠴᠡᠭᠡᠵᠢ ᠶ᠋ᠢ ᠲᠡᠨᠢᠢᠯᠭᠡᠬᠦ ᠶ᠋ᠢᠨ ᠲᠥᠯᠥᠭᠡ ᠲᠠ ᠮᠢᠨᠢ ᠨᠠᠰᠤᠨ ᠲᠤᠷᠰᠢ ᠲᠡᠮᠡᠴᠡᠭᠰᠡᠨ ᠲᠤᠯᠠᠳᠠ ᠂ ᠲᠥᠷᠥ ᠤᠯᠤᠰ ᠢ᠋ᠶ᠋ᠠᠷ ᠢ᠋ᠶ᠋ᠠᠨ ᠲᠠᠨ ᠤ᠋ ᠠᠷᠢᠭᠤᠨ ᠴᠢᠨᠳᠠᠷ ᠤ᠋ᠨ ᠡᠮᠦᠨ᠎ᠡ ᠲᠡᠷᠢᠭᠦᠨ ᠢ᠋ᠶ᠋ᠡᠨ ᠪᠥᠬᠥᠢᠨ ᠡᠪᠬᠡᠷᠡᠨ ᠭᠠᠰᠢᠭᠤᠳᠠᠭᠰᠠᠨ ᠶᠤᠮ ᠃
ᠠᠷᠠᠳ ᠲᠦᠮᠡᠨ ᠦ᠌ ᠡᠪᠴᠢᠭᠦᠦ ᠴᠡᠭᠡᠵᠢᠨ ᠳ᠋ᠦ᠍ ᠬᠠᠪᠤᠷ ᠤ᠋ᠨ ᠠᠭᠤᠷ ᠢ᠋ ᠠᠪᠴᠢᠷᠠᠵᠤ ᠪᠠᠶᠠᠰᠤᠯ ᠤ᠋ᠨ ᠬᠦᠷᠬᠢᠷ᠎ᠡ ᠶ᠋ᠢ ᠪᠠᠭᠤᠯᠭᠠᠬᠤ ᠶ᠋ᠢᠨ ᠲᠥᠯᠥᠭᠡ ᠲᠠ ᠮᠢᠨᠢ ᠪᠢᠯᠢᠭ ᠨᠢᠳᠦ ᠪᠡᠨ ᠠᠨᠢᠨ ᠠᠨᠢᠲᠠᠯ᠎ᠠ ᠪᠠᠢᠯᠳᠤᠭᠰᠠᠨ ᠲᠤᠯᠠᠳᠠ ᠠᠭᠰᠢᠷᠠᠭ᠎ᠠ ᠵᠠᠯᠠᠭᠤ ᠢᠯᠭᠠᠯ ᠦᠭᠡᠢ ᠠᠯᠠᠭ ᠨᠢᠳᠦᠨ ᠦ᠌ ᠪᠡᠨ ᠨᠢᠯᠪᠤᠰᠤᠨ ᠦᠶᠡᠷ ᠢ᠋ᠶ᠋ᠡᠷ ᠴᠢᠨᠳᠠᠷ ᠤ᠋ᠨ ᠴᠢᠨᠢ ᠲᠡᠷᠭᠡ ᠶ᠋ᠢ ᠤᠬᠢᠶᠠᠭᠰᠠᠨ ᠶᠤᠮ ᠃
ᠠᠭᠤᠤ ᠶᠡᠬᠡ ᠡᠬᠡ ᠤᠯᠤᠰ ᠤ᠋ᠨ ᠢ᠋ᠶ᠋ᠠᠨ ᠨᠤᠲᠤᠭ ᠳᠡᠪᠢᠰᠬᠡᠷ ᠳᠡᠭᠡᠷ᠎ᠡ ᠵᠠᠭᠤᠨ ᠴᠡᠴᠡᠭ ᠢ᠋ ᠳᠡᠯᠭᠡᠷᠡᠭᠦᠯᠬᠦ ᠶ᠋ᠢᠨ ᠲᠥᠯᠥᠭᠡ ᠲᠠ ᠮᠢᠨᠢ ᠠᠪᠤᠷᠭᠤ ᠵᠢᠷᠦᠬᠡᠨ ᠦ᠌ ᠪᠡᠨ ᠯᠤᠭᠰᠢᠯᠲᠠ ᠶ᠋ᠢ ᠠᠮᠤᠨ ᠰᠡᠭ᠌ᠬᠢᠲᠡᠯᠡ ᠬᠦᠳᠡᠯᠮᠦᠷᠢᠯᠡᠭᠰᠡᠨ ᠲᠤᠯᠠᠳᠠ ᠂ ᠠᠭᠤᠳᠠᠮ ᠰᠠᠷᠠᠭᠤᠯ ᠬᠤᠪᠢᠯᠭᠠᠨ ᠣᠷᠣᠨ ᠴᠢᠨᠢ ᠠᠷᠢᠭᠤᠨ ᠴᠠᠭᠠᠨ ᠴᠡᠴᠡᠭ ᠤᠨ ᠬᠤᠷ᠎ᠠ ᠪᠠᠷ ᠠᠷᠤᠤᠬᠠᠨ ᠰᠦᠨᠡᠰᠦᠨ ᠢᠴᠢᠨᠢ ᠳᠠᠢᠭᠰᠠᠨ ᠶᠦ᠍ᠮ ᠃
ᠡᠨᠡᠷᠢᠯ ᠬᠠᠢᠷᠠᠲᠤ ᠶᠡᠷᠦᠩᠬᠡᠢ ᠰᠠᠢᠳ! ᠲᠠ ᠪᠣᠯ ᠨᠠᠢ᠍ᠮᠠᠨ ᠳ᠋ᠤᠩᠰᠢᠭᠤᠷ ᠠᠷᠠᠳ ᠲᠦᠮᠡᠨ ᠦ᠌ ᠰᠦᠷ ᠰᠦᠯᠳᠡ ᠶ᠋ᠢᠨ ᠠᠰᠬ᠎ᠠ ᠬᠠᠢᠷᠬᠠᠨ ᠶᠤᠮ ᠃ ᠵᠠᠷᠢᠮ ᠬᠥᠮᠦᠨ ᠦ᠌ ᠨᠡᠷ᠎ᠡ ᠪᠡᠨ ᠬᠡᠳᠦᠢᠪᠡᠷ《 ᠠᠰᠬ᠎ᠠ ᠬᠠᠢᠷᠬᠠᠨ 》 ᠭᠡᠵᠦ ᠡᠷᠭᠦᠮᠵᠢᠯᠡᠭᠰᠡᠨ ᠪᠣᠯᠪᠠᠴᠤ ᠨᠢᠳᠡᠷ ᠳᠡᠭᠡᠷ᠎ᠡ ᠪᠡᠨ ᠲᠦᠮᠡᠨ ᠳ᠋ᠦ᠍ ᠵᠢᠭᠰᠢᠭᠳᠡᠭᠰᠡᠨ ᠨᠢᠭᠡᠨ ᠠᠳᠬᠤ ᠬᠤᠮᠠᠭ ᠰᠢᠦ ᠲᠠ ᠪᠣᠯ ᠨᠠᠢ᠍ᠮᠠᠨ ᠳ᠋ᠤᠩᠰᠢᠭᠤᠷ ᠠᠷᠠᠳ ᠲᠦᠮᠡᠨ ᠦ᠌ ᠵᠦᠩ ᠪᠢᠯᠢᠭ ᠦ᠋ᠨ ᠠᠯᠢᠮᠠᠳ ᠳᠠᠯᠠᠢ ᠶᠤᠮ ᠃ ᠵᠠᠷᠢᠮ ᠬᠥᠮᠦᠨ ᠴᠣᠯᠠ ᠪᠠᠨ ᠬᠡᠳᠦᠢᠪᠡᠷ 《 ᠠᠯᠢᠮᠠᠳ ᠳᠠᠯᠠᠢ 》 ᠭᠡᠵᠦ ᠳᠠᠭᠤᠷᠢᠰᠬᠠᠭᠰᠠᠨ ᠪᠣᠯᠪᠠᠴᠤ ᠴᠣᠬᠣᠮ ᠴᠠᠭᠠᠨ᠎ᠠ ᠪᠠᠨ ᠬᠥᠮᠦᠰ ᠢ᠋ᠶ᠋ᠡᠷ ᠨᠢᠯᠪᠤᠭᠤᠯᠤᠭᠰᠠᠨ ᠦᠮᠡᠬᠡᠢ ᠱᠠᠯᠪᠠᠭ ᠤ᠋ᠨ ᠤᠰᠤ ᠰᠢᠦ ᠡᠨᠡᠷᠢᠯ ᠬᠠᠢᠷᠠᠲᠤ ᠶᠡᠷᠦᠩᠬᠡᠢ ᠰᠠᠢᠳ ᠡ ! ᠡᠩᠭᠡᠷ ᠲᠠᠯ᠎ᠠ ᠴᠢᠨᠢ ᠬᠡᠳᠦᠢᠪᠡᠷ ᠭᠡᠷᠡᠯ ᠰᠠᠴᠤᠷᠠᠭᠰᠠᠨ ᠭᠠᠪᠢᠶᠠᠨ ᠣᠳᠣᠨ ᠪᠠᠢᠬᠤ ᠦᠭᠡᠢ ᠴᠦ᠍ ᠂ ᠡᠬᠡ ᠤᠯᠤᠰ ᠤ᠋ᠨ ᠮᠢᠨᠢ ᠬᠥᠷᠥᠰᠥ ᠰᠢᠷᠣᠢ ᠳᠡᠭᠡᠷ᠎ᠡ ᠡᠳᠦᠷ ᠢᠷᠡᠬᠦᠶ᠎ᠡ ᠰᠦᠨᠳᠡᠷᠯᠡᠨ ᠪᠣᠰᠴᠤ ᠪᠠᠢᠭ᠎ᠠ ᠳᠥᠷᠪᠡᠨ ᠣᠳᠣᠬᠢᠴᠢᠯᠠᠯᠲᠠ ᠶ᠋ᠢᠨ ᠭᠠᠢᠬᠠᠮᠰᠢᠭ᠍ᠲᠦ ᠪᠠᠢᠭᠤᠯᠤᠯᠲᠠ ᠨᠢ ᠲᠡᠷᠡ ᠪᠡᠶ᠎ᠡ ᠪᠡᠷ ᠢ᠋ᠶ᠋ᠡᠨ ᠠᠤᠭ᠎ᠠ ᠵᠢᠳᠬᠦᠯ ᠢ᠋ ᠴᠢᠨᠢ ᠲᠡᠮᠳᠡᠭᠯᠡᠭᠰᠡᠨ ᠮᠥᠩᠬᠡ ᠶ᠋ᠢᠨ ᠭᠠᠪᠢᠶᠠᠨ ᠣᠳᠣᠨ ᠪᠢᠰᠢᠦ ᠃
ᠡᠩ ᠳᠡᠯᠡᠬᠡᠢ ᠳ᠋ᠦ᠍ ᠰᠦᠨᠳᠡᠷᠯᠡᠨ ᠪᠣᠰᠤᠭᠰᠠᠨ ᠳᠤᠷᠠᠰᠬᠠᠯ ᠤ᠋ᠨ ᠬᠥᠰᠢᠶ᠎ᠡ ᠶ᠋ᠢ ᠪᠢᠳᠡ ᠬᠡᠳᠦᠢᠪᠡᠷ ᠲᠠᠨ ᠳ᠋ᠤ᠌ ᠪᠤᠰᠬᠠᠵᠤ ᠥᠭ᠍ᠭᠦᠭ᠍ᠰᠡᠨ ᠦᠭᠡᠢ ᠴᠤ᠌ ᠡᠭᠡᠯ ᠣᠯᠠᠨ ᠤ᠋ ᠡᠪᠴᠢᠭᠦᠦ ᠴᠡᠭᠡᠵᠢᠨ ᠳ᠋ᠦ᠍ ᠬᠠᠳᠠᠩᠰᠢᠨ ᠰᠡᠢᠯᠦᠭ᠍ᠳᠡᠭ᠍ᠰᠡᠨ ᠭᠢᠯᠠᠯᠵᠠᠩᠭᠣᠢ ᠳᠦᠷᠢ ᠴᠢᠨᠢ ᠡᠭᠡᠨᠡᠭᠲᠡ ᠪᠠᠯᠠᠷᠠᠰᠢ ᠦᠭᠡᠢ ᠮᠥᠩᠬᠡ ᠶ᠋ᠢᠨ ᠠᠯᠲᠠᠨ ᠬᠥᠰᠢᠶ᠎ᠡ ᠴᠢᠨᠢ ᠪᠢᠰᠢᠦ ᠃
1978 ·12
