ᠵᠠᠩᠭᠠᠷ ᠤᠨ ᠣᠷᠣᠰᠢᠯ ᠪᠦᠯᠦᠭ ᠤᠨ ᠠᠷᠪᠠᠨ ᠳᠣᠯᠣᠳᠤᠭᠠᠷ ᠬᠡᠰᠡᠭᠯᠡᠯ- ᠠᠷᠠᠨᠵᠠᠨ ᠵᠡᠭᠡᠷᠳᠡ ᠬᠦᠯᠦᠭЖангарын оршил бөлгийн арван долдугаар хэсэглэл-аранзан зээрд хүлэг
ᠠᠷᠠᠨᠵᠠᠨ ᠵᠡᠭᠡᠷᠳᠡ ᠬᠦᠯᠦᠭ
ᠠᠯᠳᠠᠷ ᠨᠣᠶᠠᠨ ᠪᠣᠭᠳᠠ ᠵᠠᠩᠭᠠᠷ ᠤ᠋ᠨ ᠂
ᠠᠮᠢᠨ ᠪᠡᠶ᠎ᠡ ᠳ᠋ᠡᠭᠡᠨ ᠬᠠᠢᠷᠠᠯᠠᠵᠤ ᠤᠨᠤᠳᠠᠭ ᠂
ᠠᠯᠲᠠᠨ ᠳᠡᠯᠡᠬᠡᠢ ᠶ᠋ᠢ ᠡᠷᠭᠢᠨ ᠲᠣᠭᠣᠷᠢᠭᠰᠠᠨ ᠂
ᠠᠷᠠᠨᠵᠠᠨ ᠵᠡᠭᠡᠷᠳᠡ ᠬᠦᠯᠦᠭ ᠊ᠢ ᠬᠡᠯᠡᠭᠡᠳ ᠦᠵᠡᠳᠡᠭ ᠪᠣᠯᠬᠤᠯ᠎ᠠ ᠂
ᠡᠴᠢᠭᠡ ᠡᠴᠡ ᠪᠡᠨ ᠵᠡᠭᠦᠭᠰᠡᠨ ᠠᠯᠠᠭ ᠦᠭᠡᠢ ᠭᠡᠨ᠎ᠡ ᠯᠡ ᠂
ᠡᠬᠡ ᠡᠴᠡ ᠪᠡᠨ ᠵᠡᠭᠦᠭᠰᠡᠨ ᠪᠤᠯᠠᠭ ᠦᠭᠡᠢ ᠭᠡᠨ᠎ᠡ ᠯᠡ ᠂
ᠳᠣᠯᠣᠭᠠᠨ ᠠᠯᠲᠠ ᠪᠡᠶ᠎ᠡ ᠲᠡᠢ ᠂
ᠲᠦᠭᠡᠯᠲᠡᠢ ᠵᠡᠭᠡᠷᠳᠡ ᠠᠵᠢᠷᠭ᠎ᠠ ᠶ᠋ᠢᠨ ᠦᠷ᠎ᠡ ᠨᠢ ᠭᠡᠨ᠎ᠡ ᠯᠡ ᠂
ᠲᠤᠢᠯᠠᠭᠰᠠᠨ ᠭᠠᠵᠠᠷ ᠲᠤᠨᠢ ᠲᠣᠷᠣᠮ ᠲᠡᠮᠡᠭᠡ ᠪᠠᠭᠲᠠᠮ᠎ᠠ ᠭᠡᠨ᠎ᠡ ᠯᠡ ᠂
ᠪᠤᠬᠤᠭᠰᠠᠨ ᠭᠠᠵᠠᠷ ᠲᠤᠨᠢ ᠪᠤᠤᠷ᠎ᠠ ᠲᠡᠮᠡᠭᠡ
ᠪᠠᠭᠲᠠᠮ᠎ᠠ ᠭᠡᠨ᠎ᠡ ᠯᠡ ᠂
ᠳᠡᠭᠡᠳᠦ ᠲᠡᠭᠷᠢ ᠊ᠢ ᠰᠢᠷᠭᠢᠭᠥᠯᠥᠨ ᠳᠣᠪᠲᠣᠯᠳᠠᠭ ᠭᠡᠨ᠎ᠡ ᠯᠡ ᠂
ᠳᠣᠣᠷᠠᠲᠤ ᠶᠢᠷᠲᠡᠨᠴᠤ ᠶᠢ ᠳᠦᠷᠭᠢᠭᠦᠯᠦᠨ ᠳᠣᠪᠲᠣᠯᠳᠠᠭ ᠭᠡᠨ᠎ᠡ ᠯᠡ ᠂
ᠲᠡᠢᠨ ᠦ᠌ ᠶᠡᠬᠡ ᠳ᠋ᠦ᠍ ᠲᠠᠩᠳᠠᠳᠠᠭ ᠦᠭᠡᠢ ᠂
ᠳᠠᠯᠠᠢ ᠶ᠋ᠢᠨ ᠶᠡᠬᠡ ᠳ᠋ᠦ᠍ ᠭᠤᠢᠪᠢᠯᠵᠠᠳᠠᠭ ᠦᠭᠡᠢ ᠂
ᠲᠠᠩᠳᠠ ᠤᠨᠤᠪᠠᠴᠤ ᠡᠴᠡᠳᠡᠭ ᠦᠭᠡᠢ ᠭᠡᠨ᠎ᠡ ᠯᠡ ᠂
ᠮᠣᠷᠢᠨ ᠪᠢᠰᠢ ᠮᠣᠯᠣᠷ ᠡᠷᠳᠡᠨᠢ ᠂
ᠬᠦᠯᠦᠭ ᠪᠢᠰᠢ ᠬᠦᠷᠡᠯ ᠡᠷᠳᠡᠨᠢ ᠂
ᠠᠷᠠᠨᠵᠠᠨ ᠵᠡᠭᠡᠷᠳᠡ ᠬᠦᠯᠦᠭ ᠭᠡᠵᠦ ᠬᠡᠯᠡᠳᠡᠭ ᠰᠠᠨᠵᠠᠢ ᠭᠡᠨ᠎ᠡ ᠯᠡ ᠃
ᠦᠭᠡᠰ ᠦ᠋ᠨ ᠲᠠᠢᠯᠪᠤᠷᠢ ᠄
1 ᠂ ᠠᠷᠠᠨᠵᠠᠨ ᠵᠡᠭᠡᠷᠳᠡ — ᠠᠷᠠᠨᠵᠠᠯ ᠵᠡᠭᠡᠷᠳᠡ ᠂ ᠬᠠᠨ ᠬᠤᠷᠮᠤᠰᠲᠠ ᠠ᠋ᠴᠠ ᠵᠠᠶᠠᠭᠠᠭᠰᠠᠨ ᠪᠣᠭᠳᠠ ᠨᠣᠶᠠᠨ
ᠵᠠᠩᠭᠠᠷ ᠤ᠋ᠨ ᠤᠨᠤᠳᠠᠭ ᠡᠷᠳᠡᠨᠢ ᠶ᠋ᠢᠨ ᠬᠦᠯᠦᠭ ᠃
2 ᠂ ᠠᠯᠠᠭ ᠦᠭᠡᠢ — ᠪᠡᠶ᠎ᠡ ᠳ᠋ᠡᠭᠡᠨ ᠠᠯᠠᠭ ᠴᠣᠬᠣᠷ ᠲᠣᠯᠪᠣ ᠵᠡᠷᠭᠡ ᠥᠩᠭᠡ ᠵᠢᠰᠦᠮ ᠦᠭᠡᠢ ᠃
3 ᠂ ᠪᠤᠯᠠᠭ ᠦᠭᠡᠢ — ᠡᠮᠦᠨ᠎ᠡ ᠬᠣᠶᠠᠷ ᠬᠥᠯ ᠨᠢ ᠬᠠᠷ᠎ᠠ
ᠲᠤᠭᠤᠷᠠᠢ ᠠ᠋ᠴᠠ ᠪᠠᠨ ᠥᠭᠡᠳᠡ ᠡᠪᠦᠳᠦᠭ ᠲᠦ᠍ ᠪᠡᠨ ᠬᠦᠷᠲᠡᠯ᠎ᠡ
ᠠᠯᠠᠭ ᠴᠣᠬᠣᠷ ᠪᠤᠶᠤ ᠳᠥᠷᠪᠡᠨ ᠮᠥᠴᠢᠨ ᠦ᠌ ᠬᠢᠨᠢ ᠨᠠᠷᠢᠨ ᠰᠢᠯᠪᠢ ᠪᠡᠷ ᠢ᠋ᠶ᠋ᠡᠨ ᠠᠯᠠᠭ ᠴᠣᠬᠣᠷ ᠦᠭᠡᠢ ᠃
4 ᠂ ᠲᠦᠭᠡᠯᠲᠡᠢ — ᠮᠠᠩᠨᠠᠢ ᠳᠡᠭᠡᠷ᠎ᠡ ᠪᠡᠨ ᠲᠥᠭᠥᠷᠢᠭ ᠴᠠᠭᠠᠨ ᠦᠰᠦᠲᠡᠢ ᠃
2023 ᠣᠨ ᠤ᠋5 ᠰᠠᠷ᠎ᠠ ᠶ᠋ᠢᠨ4 ᠳ᠋ᠦ᠍ ᠡᠯᠡᠰᠦᠲᠡᠢ ᠬᠣᠲᠠ ᠳ᠋ᠤ᠌ ᠪᠢᠴᠢᠵᠦ ᠲᠡᠮᠳᠡᠭᠯᠡᠪᠡ ᠃
ᠳ᠂ ᠨᠠᠷᠠᠰᠤ ᠃

