3-11ᠢᠰᠢᠲᠠᠨᠽᠠᠨᠸᠠᠩᠵᠢᠯ ᠤ᠋ᠨ ᠡᠮᠴᠢᠯᠡᠭᠡᠨ ᠦ᠌ ᠵᠣᠷ ᠵᠠᠰᠠᠯ- ᠰᠢᠳᠦᠨ ᠦ᠌ ᠡᠪᠡᠳᠴᠢᠨ ᠊ᠢ ᠵᠠᠰᠠᠬᠤ ᠡᠷᠡᠭᠦᠯ ᠡᠩᠬᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. 3-11ᠢᠰᠢᠲᠠᠨᠽᠠᠨᠸᠠᠩᠵᠢᠯ ᠤ᠋ᠨ ᠡᠮᠴᠢᠯᠡᠭᠡᠨ ᠦ᠌ ᠵᠣᠷ ᠵᠠᠰᠠᠯ- ᠰᠢᠳᠦᠨ ᠦ᠌ ᠡᠪᠡᠳᠴᠢᠨ ᠊ᠢ ᠵᠠᠰᠠᠬᠤ

3-11ᠢᠰᠢᠲᠠᠨᠽᠠᠨᠸᠠᠩᠵᠢᠯ ᠤ᠋ᠨ ᠡᠮᠴᠢᠯᠡᠭᠡᠨ ᠦ᠌ ᠵᠣᠷ ᠵᠠᠰᠠᠯ- ᠰᠢᠳᠦᠨ ᠦ᠌ ᠡᠪᠡᠳᠴᠢᠨ ᠊ᠢ ᠵᠠᠰᠠᠬᠤ

ᠠᠩᠭᠢᠯᠠᠯ:ᠡᠷᠡᠭᠦᠯ ᠡᠩᠬᠡ
2023-05-19

249

ᠰᠢᠳᠦᠨ ᠦ᠌ ᠡᠪᠡᠳᠴᠢᠨ ᠊ᠢ ᠵᠠᠰᠠᠬᠤ

ᠰᠢᠳᠦᠨ ᠡᠪᠡᠳᠴᠢᠨ ᠢᠨᠤ ᠴᠢᠰᠤ᠂ ᠬᠣᠷᠣᠬᠠᠢ ᠂ ᠪᠠᠮ ᠬᠢᠭᠡᠳ ᠪᠤᠵᠠᠷ ᠠ᠋ᠴᠠ ᠡᠭᠦᠰᠦᠮᠦᠢ᠃
ᠴᠢᠰᠤ ᠪᠠᠷ ᠡᠪᠡᠳᠪᠡᠰᠦ ᠠᠯᠲᠠᠨ ᠷᠢᠯᠦ ᠶ᠋ᠢ ᠵᠠᠭᠤᠯᠭ᠎ᠠ ᠃ ᠤᠤᠭᠤᠬᠤ ᠡᠮ ᠄ ᠭᠠᠷᠤᠳᠢ —5 ᠬᠤᠪᠢ ᠲᠡᠭᠦᠯᠳᠡᠷ ᠊ᠢ ᠥᠯᠥᠨ ᠢ᠋ᠶ᠋ᠡᠷ ᠰᠢᠲᠦᠭᠦᠯ᠃
ᠬᠣᠷᠣᠬᠠᠢ ᠪᠠᠷ ᠡᠪᠡᠳᠪᠡᠰᠦ ᠯᠠᠩᠴᠢᠨ ᠬᠠᠨᠳᠠ ᠰᠠᠢᠨ᠂ ᠡᠰᠡ ᠣᠯᠳᠠᠪᠠᠰᠤ ᠭᠠᠷᠤᠳᠢ—5 ᠶ᠋ᠢ ᠰᠢᠳᠦᠨ ᠳ᠋ᠦ᠍ᠨᠢ ᠵᠠᠭᠤᠯᠭ᠎ᠠ 
ᠬᠡᠢ ᠪᠡᠷ ᠡᠪᠡᠳᠪᠡᠰᠦ ᠰᠠᠷᠢᠮᠰᠠᠭ ᠊ᠢ ᠲᠣᠰᠣᠨ ᠳ᠋ᠤ᠌ ᠪᠤᠴᠠᠯᠭᠠᠵᠤ ᠰᠢᠳᠦᠨ ᠳ᠋ᠦ᠍ᠨᠢ ᠵᠠᠭᠤᠯᠭᠠᠵᠤ᠂ ᠳᠣᠲᠣᠷ᠎ᠠ ᠠ᠋ᠴᠠ ᠬᠡᠢ ᠶ᠋ᠢᠨ ᠡᠮ ᠊ᠢ ᠥᠭ 
ᠪᠠᠮ ᠢ᠋ᠶ᠋ᠠᠷ ᠡᠪᠡᠳᠪᠡᠰᠦ ᠪᠢᠪᠢᠯᠢᠩ ᠊ᠢ ᠰᠣᠩᠭᠢᠨ᠎ᠠ ᠶ᠋ᠢᠨ ᠱᠥᠯᠦᠨ ᠳ᠋ᠦ᠍ ᠪᠤᠴᠠᠯᠭᠠᠵᠤ ᠬᠠᠯᠠᠭᠤᠨ ᠢ᠋ᠶ᠋ᠠᠷ ᠵᠠᠭᠤᠯᠭ᠎ᠠ᠃ ᠬᠠᠭᠤᠴᠢᠨ ᠭᠤᠲᠤᠯ ᠤ᠋ᠨ ᠤᠯᠠ ᠪᠠᠷ ᠣᠳᠤᠨ᠎ᠠ᠃ ᠠᠯᠢᠨ ᠴᠤ᠌ ᠡᠰᠡ ᠲᠤᠰᠠᠯᠠᠪᠠᠰᠤ ᠰᠢᠩᠭᠦᠨ᠂ ᠨᠠᠬᠽᠦᠢ᠍ᠷ᠂ ᠮᠠᠨᠴᠢᠨ ᠭᠤᠷᠪᠠ ᠶ᠋ᠢ ᠨᠠᠢ᠍ᠮᠠᠨ ᠨᠠᠰᠤᠲᠤ ᠶ᠋ᠢᠨ ᠰᠢᠭᠡᠰᠦᠨ ᠳ᠋ᠦ᠍ ᠵᠢᠭᠤᠷᠠᠵᠤ ᠂ ᠬᠥᠪᠥᠩ ᠳ᠋ᠦ᠍ ᠴᠤᠭᠯᠠᠭᠠᠳ ᠰᠢᠳᠦᠨ ᠳ᠋ᠦ᠍ᠨᠢ ᠵᠠᠭᠤᠯᠭᠠᠵᠤ ᠂ ᠰᠢᠯᠦᠰᠦ ᠶ᠋ᠢ ᠨᠢ ᠭᠠᠳᠠᠭᠰᠢ ᠨᠢᠯᠪᠤᠭᠤᠯ᠃

   ᠦᠰᠦᠭ ᠠᠮᠢᠯᠠᠭᠤᠯᠤᠭᠴᠢ᠄ ᠦᠯᠵᠡᠶ᠋ᠢᠪᠠᠭᠠᠲᠤᠷ
   
ᠬᠢᠨᠠᠭᠴᠢ᠄ ᠤᠤᠠᠬᠠᠨᠰᠤ᠎ᠡ