ᠠᠳᠤᠭᠤᠴᠢᠨ ᠤ ᠰᠡᠳᠬᠢᠯ- ᠯ · ᠨᠠᠷᠠᠨᠲᠤᠶᠠᠭ᠎ᠠАдуучны сэтгэл-л · нарантуяа
ᠠᠳᠤᠭᠤᠴᠢᠨ ᠤ ᠰᠡᠳᠬᠢᠯ
ᠦᠭᠡ ᠄ ᠮ · ᠴᠡᠷᠡᠨᠲᠣᠭᠲᠠᠬᠤ
ᠠᠶ᠎ᠠ ᠄ ᠶ᠋ᠢᠨ · ᠠᠮᠤᠷᠪᠠᠶᠠᠷ
ᠳᠠᠭᠤᠴᠢᠨ ᠄ ᠯ · ᠨᠠᠷᠠᠨᠲᠤᠶᠠᠭ᠎ᠠ
ᠠᠭᠤᠳᠠᠮ ᠲᠠᠯ᠎ᠠ ᠪᠠᠷ ᠥᠷᠲᠡᠭᠡᠯᠡᠨ
ᠥᠩᠭᠡ ᠶ᠋ᠢᠨ ᠰᠣᠯᠣᠩᠭ᠎ᠠ ᠨᠤᠮᠤᠷᠠᠨᠠ
ᠤᠨᠠᠭᠠᠨ ᠵᠢᠷᠣᠭ᠎ᠠ ᠬᠦᠯᠦᠭ ᠦ᠋ᠨ ᠢ᠋ᠶ᠋ᠡᠨ ᠤᠶᠠᠭ᠎ᠠ ᠰᠣᠶ᠋ᠢᠯᠬ᠋ᠠ ᠶ᠋ᠢ ᠳᠠᠭᠠᠷᠠᠭᠤᠯᠤᠶᠠ
ᠠᠭᠤᠯᠠᠰ ᠠᠭᠤᠯᠠᠰ ᠤ᠋ᠨ ᠠᠯᠤᠰ ᠠ᠋ᠴᠠ ᠮᠢᠨᠦ ᠬᠣᠩᠭᠣᠷ ᠬᠦᠯᠢᠶᠡᠭᠡᠳ
ᠤᠷᠭᠤᠬᠤ ᠨᠠᠷᠠᠨ ᠰᠢᠩᠭᠡᠬᠦ ᠪᠡᠷ ᠲᠡᠮᠡᠦᠯᠦᠭᠡᠳ ᠣᠴᠢᠨ᠎ᠠ ᠠ᠋ ᠴᠢᠮ᠎ᠠ ᠳ᠋ᠠᠭᠠᠨ
ᠴᠡᠴᠡᠭ ᠦ᠋ᠨ ᠳᠤᠮᠳᠠ ᠪᠠᠨ ᠲᠣᠭᠯᠠᠭᠰᠠᠨ ᠨᠠᠷᠠᠨ ᠵᠢᠰᠦᠲᠡᠢ ᠤᠨᠠᠭ᠎ᠠ ᠮᠢᠨᠢ
ᠴᠡᠩᠭᠡᠯ ᠪᠠᠶᠠᠷ ᠤ᠋ᠨ ᠨᠠᠭᠠᠳᠤᠮ ᠳ᠋ᠠᠭᠠᠨ ᠲᠣᠭᠣᠰᠣ ᠪᠠᠨ ᠮᠥᠳᠳᠥᠬᠡᠨ ᠡᠷᠭᠦᠨ᠎ᠡ ᠳᠡ
ᠴᠡᠯᠮᠡᠭ ᠰᠡᠳᠬᠢᠯ ᠢ᠋ᠶ᠋ᠡᠷ ᠤᠴᠠᠷᠠᠭᠰᠠᠨ ᠴᠡᠷᠪᠡᠭᠦᠦ ᠬᠣᠯᠠ ᠶ᠋ᠢᠨ ᠴᠢᠮ᠎ᠠ ᠶ᠋ᠢ ᠪᠡᠨ
ᠴᠡᠯᠡᠯᠵᠡᠬᠦ ᠨᠠᠭᠤᠷ ᠤ᠋ᠨ ᠮᠠᠨᠳᠠᠯ ᠰᠢᠭ᠋ ᠨᠠᠨᠳᠢᠨ ᠰᠡᠳᠬᠢᠯ ᠢ᠋ᠶ᠋ᠡᠷ ᠬᠠᠶ᠋ᠢᠷᠠᠯᠠᠨ᠎ᠠ ᠳᠠ
ᠲᠩᠷᠢ ᠶ᠋ᠢᠨ ᠰᠠᠷ᠎ᠠ ᠶ᠋ᠢ ᠳᠤᠯᠢᠳᠠᠨ ᠨᠢᠳᠦᠨ ᠨᠠᠭᠤᠷ ᠮᠡᠯᠲᠡᠯᠵᠡᠨ᠎ᠡ
ᠳᠡᠯᠦᠮᠡᠨ ᠵᠢᠷᠣᠭ᠎ᠠ ᠬᠦᠯᠦᠭ ᠮᠢᠨᠢ ᠰᠠᠯᠬᠢ ᠲᠠᠲᠠᠭᠤᠯᠤᠨ ᠬᠤᠷᠳᠤᠯᠠᠨ᠎ᠠ
ᠲᠡᠨᠢᠭᠦᠨ ᠰᠡᠳᠬᠢᠯ ᠊ᠢ ᠭᠡᠭᠡᠯᠵᠡᠭᠦᠯᠦᠭᠰᠡᠨ ᠡᠩᠬᠦᠷᠡᠢ ᠢᠯᠳᠠᠮ ᠴᠢᠮ᠎ᠠ ᠳ᠋ᠠᠭᠠᠨ
ᠲᠡᠷᠭᠡᠯ ᠰᠠᠷ᠎ᠠ ᠲᠠᠢ ᠦᠳᠡᠰᠢ ᠪᠡᠷ ᠲᠡᠮᠡᠦᠯᠦᠨ ᠶᠠᠭᠠᠷᠠᠭᠰᠠᠭᠠᠷ ᠣᠴᠢᠨ᠎ᠠ ᠳᠠ
ᠴᠡᠴᠡᠭ ᠦ᠋ᠨ ᠳᠤᠮᠳᠠ ᠪᠠᠨ ᠲᠣᠭᠯᠠᠭᠰᠠᠨ ᠨᠠᠷᠠᠨ ᠵᠢᠰᠦᠲᠡᠢ ᠤᠨᠠᠭ᠎ᠠ ᠮᠢᠨᠢ
ᠴᠡᠩᠭᠡᠯ ᠪᠠᠶᠠᠷ ᠤ᠋ᠨ ᠨᠠᠭᠠᠳᠤᠮ ᠳ᠋ᠠᠭᠠᠨ ᠲᠣᠭᠣᠰᠣ ᠪᠠᠨ ᠮᠥᠳᠳᠥᠬᠡᠨ ᠡᠷᠭᠦᠨ᠎ᠡ ᠳᠡ
ᠴᠡᠯᠮᠡᠭ ᠰᠡᠳᠬᠢᠯ ᠢ᠋ᠶ᠋ᠡᠷ ᠤᠴᠠᠷᠠᠭᠰᠠᠨ ᠴᠡᠷᠪᠡᠭᠦᠦ ᠬᠣᠯᠠ ᠶ᠋ᠢᠨ ᠴᠢᠮ᠎ᠠ ᠶ᠋ᠢ ᠪᠡᠨ
ᠴᠡᠯᠡᠯᠵᠡᠬᠦ ᠨᠠᠭᠤᠷ ᠤ᠋ᠨ ᠮᠠᠨᠳᠠᠯ ᠰᠢᠭ᠋ ᠨᠠᠨᠳᠢᠨ ᠰᠡᠳᠬᠢᠯ ᠢ᠋ᠶ᠋ᠡᠷ ᠬᠠᠶ᠋ᠢᠷᠠᠯᠠᠨ᠎ᠠ ᠳᠠ
ᠴᠡᠴᠡᠭ ᠦ᠋ᠨ ᠳᠤᠮᠳᠠ ᠪᠠᠨ ᠲᠣᠭᠯᠠᠭᠰᠠᠨ ᠨᠠᠷᠠᠨ ᠵᠢᠰᠦᠲᠡᠢ ᠤᠨᠠᠭ᠎ᠠ ᠮᠢᠨᠢ
ᠴᠡᠩᠭᠡᠯ ᠪᠠᠶᠠᠷ ᠤ᠋ᠨ ᠨᠠᠭᠠᠳᠤᠮ ᠳ᠋ᠠᠭᠠᠨ ᠲᠣᠭᠣᠰᠣ ᠪᠠᠨ ᠮᠥᠳᠳᠥᠬᠡᠨ ᠡᠷᠭᠦᠨ᠎ᠡ ᠳᠡ
ᠴᠡᠯᠮᠡᠭ ᠰᠡᠳᠬᠢᠯ ᠢ᠋ᠶ᠋ᠡᠷ ᠤᠴᠠᠷᠠᠭᠰᠠᠨ ᠴᠡᠷᠪᠡᠭᠦᠦ ᠬᠣᠯᠠ ᠶ᠋ᠢᠨ ᠴᠢᠮ᠎ᠠ ᠶ᠋ᠢ ᠪᠡᠨ
ᠴᠡᠯᠡᠯᠵᠡᠬᠦ ᠨᠠᠭᠤᠷ ᠤ᠋ᠨ ᠮᠠᠨᠳᠠᠯ ᠰᠢᠭ᠋ ᠨᠠᠨᠳᠢᠨ ᠰᠡᠳᠬᠢᠯ ᠢ᠋ᠶ᠋ᠡᠷ ᠬᠠᠶ᠋ᠢᠷᠠᠯᠠᠨ᠎ᠠ
— ᠨᠠᠨᠳᠢᠨ ᠰᠡᠳᠬᠢᠯ ᠢ᠋ᠶ᠋ᠡᠷ ᠬᠠᠶ᠋ᠢᠷᠠᠯᠠᠨ᠎ᠠ ᠳᠠ ᠃
ᠦᠰᠦᠭ ᠬᠠᠲᠠᠭᠴᠢ ᠄ ᠰᠡᠷᠭᠦᠯᠡᠩ
ᠠᠮᠢᠯᠠᠭᠤᠯᠤᠭᠴᠢ ᠄ ᠪᠠᠶᠠᠨᠰᠡᠷᠡᠩ
ᠬᠢᠨᠠᠭᠴᠢ ᠪᠠᠭᠰᠢ ᠄ ᠰᠡᠷᠭᠦᠯᠡᠩ
