ᠥᠨᠳᠥᠷᠯᠢᠭ ᠦᠨ ᠥᠩᠭᠡᠲᠦ ᠵᠡᠭᠦᠳᠦ 〈 ᠮᠥᠴᠡᠯᠬᠡ ᠭᠤᠷᠪᠠ 〉- ᠲ ᠂ ᠭᠣᠮᠪᠣᠵᠠᠪ Өндөрлөгийн өнгөт зүүд 〈 Мөчлөг гурав 〉 - Т ᠂ Гомбожав ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠥᠨᠳᠥᠷᠯᠢᠭ ᠦᠨ ᠥᠩᠭᠡᠲᠦ ᠵᠡᠭᠦᠳᠦ 〈 ᠮᠥᠴᠡᠯᠬᠡ ᠭᠤᠷᠪᠠ 〉- ᠲ ᠂ ᠭᠣᠮᠪᠣᠵᠠᠪ Өндөрлөгийн өнгөт зүүд 〈 Мөчлөг гурав 〉 - Т ᠂ Гомбожав

ᠥᠨᠳᠥᠷᠯᠢᠭ ᠦᠨ ᠥᠩᠭᠡᠲᠦ ᠵᠡᠭᠦᠳᠦ 〈 ᠮᠥᠴᠡᠯᠬᠡ ᠭᠤᠷᠪᠠ 〉- ᠲ ᠂ ᠭᠣᠮᠪᠣᠵᠠᠪ Өндөрлөгийн өнгөт зүүд 〈 Мөчлөг гурав 〉 - Т ᠂ Гомбожав

2023-05-20

223

ᠥᠨᠳᠥᠷᠯᠢᠭ ᠦᠨ ᠥᠩᠭᠡᠲᠦ ᠵᠡᠭᠦᠳᠦ 〈 ᠮᠥᠴᠡᠯᠬᠡ ᠭᠤᠷᠪᠠ 〉


     ᠲᠡᠭᠷᠢ ᠠᠭᠤᠯᠠ ᠶᠢᠨ ᠠᠶᠠᠯᠠᠯ
        
      1 
 ᠨᠡᠷ᠎ᠡ ᠶᠢᠨ ᠭᠢᠨᠢ ᠥᠨᠳᠥᠷ ᠢ ᠮᠠᠴᠤᠵᠤ ᠤᠳᠠᠯ᠎ᠠ 
 ᠨᠢᠳᠤ ᠮᠢᠨᠢ 
 ᠨᠢᠭᠡᠨ ᠪᠥᠭᠡᠮ ᠬᠠᠯᠠᠭᠤᠨ ᠭᠦᠰᠡᠯ ᠢ ᠠᠭᠤᠯᠭ᠎ᠠ ᠬᠦᠨᠳᠦᠬᠡᠨ ᠬᠠᠷᠪᠤᠵᠤ ᠪᠢᠯᠡ 
 ᠡᠷᠡᠮᠡᠯᠵᠡᠯ᠂ ᠡᠨᠡ ᠭᠡᠰᠡᠭ 
 ᠡᠪᠦᠷᠳᠦᠯᠡᠵᠤ ᠤᠳᠠᠭᠰᠠᠨ ᠬᠠᠯᠠᠭᠤᠨ ᠴᠢᠠᠯᠭᠤ 
 ᠡᠴᠦᠰ ᠲᠡᠬᠡᠨ ᠨᠡᠪᠴᠢᠯ᠎ᠡ 
 ᠪᠢᠯᠢᠭ ᠦᠨ ᠴᠤᠭᠯᠠᠭᠠᠨ ᠤ ᠠᠯᠲᠠᠨ ᠪᠢᠯᠸᠲ 
 ᠪᠡᠶᠡᠰ ᠢ ᠮᠢᠨᠢ ᠤᠶ᠋ᠢᠷᠠᠰᠤᠭᠤᠯᠵᠤ
 ᠪᠢ ᠡᠳᠦᠭᠡ᠂ ᠥᠨᠳᠥᠷᠯᠢᠭ ᠦᠨ ᠪᠣᠰᠣᠭ᠎ᠠ ᠨᠢᠷᠤᠭᠤᠨ ᠳᠡᠭᠡᠷ᠎ᠡ 
 ᠦᠳᠡ ᠨᠠᠷᠠ ᠲᠠᠢ ᠢᠷᠡᠯ᠎ᠡ ᠰᠢᠤ
             
      2 
 ᠡᠮᠦᠨ᠎ᠡ ᠮᠢᠨᠢ 
 ᠦᠯᠢᠭᠡᠷ ᠦᠳ ᠦᠨ ᠥᠯ ᠪᠤᠭᠤᠷᠤᠯ ᠴᠤᠭᠯᠠᠭᠠᠨ 
 ᠡᠭᠦᠯᠡᠨ ᠳᠦ ᠰᠢᠷᠭᠤᠵᠤ ᠬᠠᠷᠠᠭᠳᠠᠨ᠎ᠠ 
 ᠦᠩᠭᠡᠷᠡᠵᠤ ᠬᠣᠯᠠᠳᠠᠭᠰᠠᠨ ᠲᠡᠤᠬᠡ ᠶᠢᠨ 
 ᠥᠭᠦᠯᠡᠪᠦᠷᠢ ᠨᠣᠶ᠋ᠢᠲᠠᠨ ᠳᠤᠷᠠᠳᠬᠠᠯ 
 ᠥᠭᠡᠳᠡ ᠡᠴᠡ ᠮᠢᠨᠢ ᠠᠰᠬᠠᠷᠠᠵᠤ 
 ᠨᠠᠮᠠᠢ᠍ᠢ 
      ᠴᠠᠭ ᠵᠠᠭᠤᠨ ᠤ ᠡᠮᠦᠨ᠎ᠡ ᠡᠮᠦᠨᠡᠬᠢ  
      ᠴᠡᠷᠳᠡ ᠶᠢᠨ ᠭᠠᠯᠠᠪ ᠤᠷᠤᠭᠤ ᠳᠦᠯᠬᠢᠨ᠎ᠡ ᠪᠢᠯᠡ 
 ᠡᠷᠡᠨ ᠠᠬᠤᠢ ᠶᠢᠨ ᠤᠷᠤᠰᠬᠠᠯ 
 ᠡᠷᠲᠡ ᠬᠠᠭᠤᠴᠢ ᠶᠢᠨ ᠳᠠᠯᠠᠢ ᠤᠷᠤᠭᠤ ᠪᠣᠳᠣᠯ ᠢ ᠮᠢᠨᠢ ᠠᠪᠠᠴᠢᠯ᠎ᠠ 
 ᠪᠢ᠂ ᠪᠢᠯᠢᠭ ᠢ ᠮᠢᠨᠢ ᠬᠦᠩᠭᠡᠷᠡᠳᠡᠯ᠎ᠡ ᠰᠣᠶ᠋ᠢᠭᠰᠠᠨ
 ᠪᠡᠶ᠎ᠡ ᠡᠴᠡ ᠪᠡᠨ ᠬᠠᠪᠢ ᠦᠭᠡᠢ ᠥᠨᠳᠥᠷ ᠨᠢᠭᠡᠨ ᠨᠡᠷ᠎ᠡ ᠶᠢ 
 ᠬᠦᠷᠪᠡᠰᠦᠭᠰᠡᠨ ᠬᠠᠷ᠎ᠠ ᠤᠰᠤᠨ ᠰᠠᠩ ‍ᠤᠨ 
 ᠬᠥᠯ ᠦᠭᠡᠢ ᠭᠦᠨ ᠢᠷᠤᠭᠠᠷ ᠠᠴᠠ ᠱᠦᠭᠦᠵᠤ ᠠᠪᠤᠯ᠎ᠠ ᠠ᠋
         
       3 
 ᠡᠭᠦᠯᠡ ᠶᠢ 
 ᠥᠯᠮᠡᠢ ᠳᠣᠣᠷ᠎ᠠ ᠪᠠᠨ ᠤᠰᠤ ᠴᠢᠬᠠᠷᠲᠠᠯ᠎ᠠ ᠭᠢᠰᠬᠢᠵᠤ 
 ᠥᠨᠳᠥᠷᠯᠢᠭ ᠦᠨ ᠦᠰᠴᠤ ᠭᠦᠢᠴᠡᠭᠡ ᠦᠭᠡᠢ 
 ᠣᠷᠭᠢᠯ ᠤᠳ ᠤᠨ ᠳᠡᠭᠡᠭᠦᠷ 
 ᠪᠢ ᠰᠡᠳᠬᠢᠯ ‍ᠢᠶ᠋ᠠᠷ ‍ᠢᠶ᠋ᠠᠨ ᠠᠯᠬᠤᠯᠠᠨ᠎ᠠ 
 ᠬᠠᠭᠤᠴᠢ ᠬᠤᠯᠠ ᠶᠢᠨ ᠳᠤᠷᠠᠳᠬᠠᠯ 
 ᠬᠤᠷᠤ᠎ᠠ ᠴᠢᠩᠨᠠᠨ ᠴᠢᠯᠠᠭᠤᠵᠢᠯ᠎ᠠ 
 ᠬᠣᠴᠣᠷᠤᠭᠰᠠᠨ ᠠᠶᠠᠰ ᠨᠢ 
 ᠬᠠᠶᠠ ᠲᠣᠳᠣᠷᠬᠠᠢ 
 ᠬᠠᠶᠠ ᠪᠠᠯᠠᠷᠬᠠᠢ ᠬᠠᠷᠠᠭᠳᠠᠨ᠎ᠠ ᠪᠢᠯᠡ 
 ᠡᠨᠳᠡ 
 ᠳᠠᠯᠠᠢ ᠶᠢᠨ ᠤᠰᠤ ᠨᠢᠭᠡᠨᠲᠡ ᠰᠢᠷᠭᠢᠵᠡᠢ 
 ᠳᠠᠬᠢᠭᠠᠳ ᠯᠠ ᠢᠷᠤᠭᠠᠷᠳᠠᠬᠤ ᠦᠭᠡᠢ ᠭᠡᠰᠡᠨ 
 ᠳᠠᠷᠤᠵᠤ ᠪᠣᠯᠣᠮ᠎ᠠ ᠦᠭᠡᠢ ᠰᠠᠨᠠᠭ᠎ᠠ ᠳᠠᠪᠠᠯᠭᠠᠯᠠᠵᠤ ᠵᠣᠭᠰᠣᠨ᠎ᠠ ᠠ᠋ 
 ᠪᠦᠷᠭᠦᠳ 
 ᠪᠥᠮᠪᠥᠷᠴᠡᠭ ᠦᠨ ᠡᠨᠡᠬᠦ ᠭᠠᠯ ᠮᠠᠩᠨᠠᠢ ᠶᠢᠨ ᠣᠷᠭᠢᠵᠤ ᠪᠣᠰᠬᠤ ᠭᠦᠰᠡᠯ 
 ᠪᠦᠳᠦᠭᠦᠨ ᠬᠦᠷᠡᠩ ᠬᠣᠣᠰ ᠳᠠᠯᠠᠪᠴᠢ ᠪᠠᠨ ᠳᠡᠪᠢᠭᠰᠡᠭᠡᠷ ᠠᠭᠠᠷ ᠰᠤᠮᠤᠳᠠᠨ᠎ᠠ 
 ᠡᠨᠡ ᠪᠥᠬᠥᠨ ᠦ ᠳᠡᠭᠡᠭᠦᠷ 
 ᠤᠷᠲᠤ ᠨᠠᠰᠤᠯᠠᠭᠰᠠᠨ ᠲᠡᠤᠬᠡ ᠶᠢᠨ 
 ᠤᠬᠠᠭᠠᠨ ᠤ ᠥᠨᠳᠥᠷ ᠳᠦᠪᠰᠢᠨ 
 ᠤᠶᠠᠩᠭᠠᠨ ᠲᠡᠭᠷᠢ ᠨᠢᠮᠬᠡᠬᠡᠨ ᠬᠠᠷᠠᠭᠳᠠᠨ᠎ᠠ ᠠ᠋
                
      4 
 ᠣᠷᠭᠢᠯ ᠳᠠᠮᠵᠢᠨ ᠵᠣᠭᠰᠣᠴᠠ ᠮᠢᠨᠢ ᠦᠨᠳᠦᠷᠯᠡᠵᠤ 
 ᠣᠭᠲᠠᠷᠭᠤᠢ    ᠤᠯᠠᠮ ᠤᠯᠠᠮ    ᠴᠡᠩᠬᠡᠷᠯᠡᠯ᠎ᠡ !
 ᠮᠢᠨᠤ 
 ᠡᠷᠡᠨ ᠠᠬᠤᠢ ᠶᠢᠨ ᠦᠩᠭᠡᠲᠦ ᠱᠤᠭᠤᠮ ‍ᠢᠶ᠋ᠠᠷ ᠰᠦᠯᠵᠢᠭᠰᠡᠨ 
 ᠡᠷᠡᠭᠦᠯ ᠤᠬᠠᠭᠠᠨ ᠤ ᠮᠢᠨᠢ ᠪᠠᠶᠠᠨ ᠬᠦᠰᠦᠨᠦᠭᠲᠦ 
 ᠡᠨᠳᠡ᠂ ᠡᠪᠬᠡᠭᠡᠰᠤ ᠪᠠᠨ ᠳᠡᠯᠭᠡᠨ᠎ᠡ  ᠁ 
 ᠪᠣᠳᠣᠯ ᠮᠢᠨᠢ ᠮᠠᠴᠤᠵᠤ ᠬᠦᠷᠦᠮ᠎ᠡ ᠦᠭᠡᠢ 
 ᠪᠣᠰᠣᠭ᠎ᠠ ᠪᠣᠰᠣᠭ᠎ᠠ ᠣᠷᠭᠢᠯ ᠤᠳ ᠵᠢᠵᠢᠭᠷᠡᠨ ᠪᠦᠳᠡᠭᠢᠷᠡᠵᠤ 
 ᠪᠤᠤᠷ᠎ᠠ ᠶᠢᠨ ᠨᠢᠷᠤᠭᠤᠨ ᠳᠡᠭᠡᠷ᠎ᠡ ᠢᠰᠬᠢᠷᠴᠤ ᠶᠠᠪᠤᠬᠤ 
 ᠪᠣᠷᠣ ᠬᠦᠷᠡᠩ ᠵᠠᠯᠠᠭᠤ ᠡᠷ᠎ᠡ ᠶᠢᠨ ᠪᠠᠷ᠎ᠠ ᠶᠡᠬᠡᠰᠦᠨ ᠲᠣᠳᠣᠷᠠᠨ᠎ᠠ 
 ᠠᠮᠢᠳᠤᠷᠠᠯ ᠤᠨ ᠲᠦᠭᠦᠵᠤ ᠬᠥᠷᠥᠭᠡ ᠦᠭᠡᠢ ᠪᠡᠶ᠋ᠢᠷᠢ ᠥᠭᠡᠳᠡ 
 ᠠᠮᠢ ᠨᠠᠰᠤᠨ ᠤ ᠪᠠᠶᠠᠨ ᠪᠣᠳᠣᠭ 
 ᠠᠮᠠᠷᠠᠭ ᠳᠤᠷᠠᠯᠠᠯ ᠤᠨ ᠦᠩᠭᠡᠲᠦ ᠴᠡᠴᠡᠭᠡᠰ ᠢ ᠭᠦᠳᠦᠯᠵᠤ ᠶᠠᠪᠤᠭ᠎ᠠ 
 ᠤᠶ᠋ᠢᠭᠤᠷ ᠭᠡᠤᠭᠡᠨ ᠤ ᠢᠨᠢᠶᠡᠮᠰᠦᠭ ᠴᠢᠷᠠᠢ 
 ᠣᠷᠣᠨ ᠵᠠᠢ ᠶᠢᠨ ᠶᠠᠭᠠᠨ ᠲᠤᠶᠠᠭ᠎ᠠ ᠲᠡᠯᠡᠷᠡᠨ᠎ᠡ ᠪᠢᠯᠡ 
 ᠡᠴᠦᠰ ᠲᠡᠬᠡᠨ 
 ᠣᠭᠲᠠᠷᠭᠤᠢ ᠪᠠᠭᠠᠨᠠᠲᠠᠭᠰᠠᠨ 
 ᠠᠭᠤᠯᠠᠰ ᠤᠨ ᠪᠠᠷ᠎ᠠ ᠵᠠᠮᠬᠠᠷᠠᠨ ᠠᠷᠢᠯᠵᠤ 
 ᠡᠭᠡᠷᠡᠮ᠎ᠡ ᠬᠠᠭᠤᠷᠠᠢ ᠴᠥᠯ ᠦᠨ ᠲᠡᠭᠷᠢ ᠥᠭᠡᠳᠡ 
 ᠡᠨᠡ ᠳᠦᠪᠰᠢᠨ  ‍ᠢ ᠡᠷᠭᠦᠵᠤ ᠶᠠᠪᠤᠭ᠎ᠠ 
 ᠡᠷ᠎ᠡ ᠪᠠᠭᠠᠲᠤᠷ ᠨᠢᠭᠡ ᠦᠨᠳᠦᠰᠦᠲᠡᠨ ᠦ 
 ᠡᠭᠴᠡ ᠪᠣᠰᠣᠭ᠎ᠠ ᠳᠦᠷᠢ᠂ ᠠᠯᠢᠪᠠ ᠶᠢ ᠡᠵᠡᠯᠡᠵᠤ ᠰᠦᠨᠳᠡᠷᠯᠡᠨ᠎ᠡ ᠡ ᠁
                
      5 
 ᠥᠨᠳᠥᠷᠯᠢᠭ ᠦᠨ ᠠᠶᠠᠯᠠᠯ ᠮᠢᠨᠢ ᠦᠳᠳᠡᠷᠬᠡᠨ ᠲᠡᠭᠦᠰᠦᠨ᠎ᠡ 
 ᠦᠯᠡᠳᠡᠭᠰᠡᠨ ᠮᠥᠷ ᠮᠢᠨᠢ ᠴᠤ᠌ 
 ᠥᠴᠥᠭᠡᠳᠦᠷ  ‍ᠢᠶ᠋ᠠᠨ ᠪᠦᠬᠡᠴᠡᠶ᠋ᠢᠯᠡᠵᠦ ᠴᠢᠳᠠᠬᠤ ᠦᠭᠡᠢ ᠠᠷᠢᠯᠤᠨ᠎ᠠ ᠪᠢᠯᠡ 
 ᠭᠠᠭᠴᠠᠬᠦ 
 ᠡᠳᠦᠷ ᠰᠥᠨᠢ ᠦᠭᠡᠢ ᠳᠤᠷᠠᠰᠴᠤ ᠶᠠᠪᠤᠬᠤ ᠶᠢᠨ ᠦᠩᠭᠡᠲᠦ ᠵᠣᠭᠣᠭ ᠪᠣᠯᠵᠤ 
 ᠡᠭᠦᠯᠡᠰ ᠴᠣᠭᠣᠴᠢᠨ ᠵᠣᠭᠰᠣᠬᠤ ᠥᠨᠳᠥᠷᠬᠡᠨ ᠨᠢᠭᠡ ᠨᠡᠷ᠎ᠡ 
 ᠰᠡᠳᠬᠢᠯ ᠳᠦ ᠮᠢᠨᠢ ᠭᠡᠷᠡᠯᠲᠦᠵᠤ ᠮᠦᠩᠬᠡᠷᠡᠨ᠎ᠡ ᠡ
 ᠲᠡᠭᠷᠢ ᠠᠭᠤᠯᠠ ᠠ᠋ ! ᠁


        ᠲᠩᠷᠢ ᠠᠭᠤᠯᠠ ᠶ᠋ᠢᠨ ᠰᠠᠷᠠ 

 ᠲᠩᠷᠢ ᠠᠭᠤᠯᠠ ᠶ᠋ᠢᠨ ᠰᠠᠷᠠ
 ᠲᠡᠪ ᠲᠡᠷᠭᠡᠯᠬᠡᠨ ᠬᠤᠪᠢ ᠤᠴᠠᠷᠠᠯ ᠳᠠᠯᠠᠯᠤᠭᠰᠠᠭᠠᠷ 
 ᠲᠩᠷᠢ ᠳ᠋ᠡᠭᠡᠨ ᠮᠠᠨᠲᠤᠯ᠎ᠠ
 ᠲᠦᠮᠡᠨ ᠦᠷ᠎ᠡ ᠪᠡᠨ ᠨᠣᠶ᠋ᠢᠷ ᠶ᠋ᠢᠠᠷ ᠠᠷᠭᠠᠳᠠᠬᠤ ᠡᠵᠢ ᠶ᠋ᠢᠨ ᠪᠥᠪᠠᠢ ᠰᠢᠭ᠌ 
 ᠲᠡᠭᠦᠨ ᠪ ᠭᠡᠷᠡᠯ ᠳᠦ
 ᠡᠲᠦᠷᠵᠢᠨ ᠳᠠᠭᠤᠯᠠᠭᠰᠠᠨ ᠣᠢ ᠶ᠋ᠢᠨ ᠡᠭᠡᠰᠢᠭ ᠡᠭᠦᠷ ᠲᠡᠭᠡᠨ ᠡᠭᠡᠵᠦ
 ᠡᠭᠦᠯᠡ ᠳᠠᠭᠠᠵᠤ ᠠᠯᠢᠶᠠᠯᠠᠭᠰᠠᠨ 
 ᠠᠭᠤᠯᠠᠨ ᠪ ᠰᠠᠯᠬᠢ 
 ᠡᠪᠡᠰᠦᠨ ᠳ᠋ᠡᠭᠡᠨ ᠰᠢᠷᠭᠤᠯ᠎ᠠ
 ᠦᠨᠳᠦᠷᠯᠢᠭ ᠦ᠋ᠨ ᠠᠯᠢᠪᠠ ᠨᠢᠭᠡᠯᠡ ᠥᠩᠭᠡ ᠪᠠᠷ ᠲᠤᠨᠤᠷᠠᠵᠤ
 ᠥᠯᠥᠰᠴᠦ ᠶᠠᠪᠤᠭᠰᠠᠨ ᠰᠡᠳᠬᠢᠯ ‍ᠤᠳ
 ᠥᠴᠥᠭᠡᠳᠦᠷ ‍ᠦᠨ ᠪᠣᠯᠵᠣᠭᠠᠨ ᠳ᠋ᠠᠭᠠᠨ ᠦᠨᠦᠰᠦᠯᠴᠡᠵᠦ ᠲᠡᠷᠭᠡᠯᠯᠡᠨ᠎ᠡ
 ᠡᠪᠦᠭᠡᠳ ᠦ᠋ᠨ ᠦᠭᠡ ᠳᠠᠭᠤ ᠴᠥᠭᠡᠷᠡᠵᠦ 
 ᠥᠨᠭᠭᠡᠷᠡᠭᠰᠡᠨ ᠳᠤᠷᠠᠳᠬᠠᠯ ᠰᠠᠨᠠᠨ ᠪᠣᠲᠣᠯ ᠲᠡᠷᠭᠡᠯᠯᠡᠨ᠎ᠡ
 ᠠᠭᠤᠯᠵᠠᠬᠤ ᠶ᠋ᠢᠨ ᠪᠠᠶᠠᠷ ᠲᠤ
 ᠠᠭᠤᠯᠠᠨ ᠴᠢᠯᠠᠭᠤ ᠰᠢᠯᠦᠭ ᠰᠠᠨᠠᠮᠠᠷ
 ᠤᠶᠠᠰᠬᠤ ᠶ᠋ᠢᠨ ᠵᠠᠶᠠᠭᠠᠨ ᠳᠦ
 ᠥᠨᠥᠴᠢᠨ ᠭᠠᠯᠠᠭᠤ ᠬᠠᠨᠢ ᠳᠤᠷᠠᠰᠤᠮᠠᠷ 
 ᠲᠡᠪ ᠲᠡᠷᠭᠡᠯᠬᠡᠨ
 ᠲᠩᠷᠢ ᠠᠭᠤᠯᠠ ᠶ᠋ᠢᠨ ᠰᠠᠷᠠᠨ ᠪ ᠭᠡᠷᠡᠯ ᠳᠦ ᠂ ᠪᠢ
 ᠠᠯᠤᠰ ᠬᠣᠯᠠ ᠶ᠋ᠢᠨ ᠨᠤᠲᠤᠭ
 ᠠᠲᠠᠷ ᠦ᠋ᠨ ᠪᠤᠭᠤᠷᠤᠯ ᠤᠭᠰᠠᠭ᠎ᠠ
 ᠠᠯᠢᠶ᠎ᠠ ᠬᠣᠩᠭᠣᠷᠬᠠᠨ ᠦᠷ᠎ᠡ ᠪᠡᠨ ᠰᠡᠤᠠᠬᠢᠯ ᠳᠤᠭᠤᠶ᠋ᠢᠬᠠᠨ   
 ᠳᠤᠷᠠᠰᠴᠤ ᠁ 
 ᠰᠠᠭᠤᠯ᠎ᠠ ᠡ

         ᠲᠡᠭᠷᠢ ᠠᠭᠤᠯᠠ ᠶ᠋ᠢᠨ ᠵᠠᠮ 

 ᠲᠡᠭᠷᠢ ᠠᠭᠤᠯᠠ ᠶ᠋ᠢᠨ ᠵᠠᠮ 
      ᠮᠤᠷᠤᠢ ᠰᠠᠷᠤᠢ ᠮᠤᠷᠤᠢ ᠰᠠᠷᠤᠢ ᠡ! ᠁
 ᠲᠡᠦᠬᠡ ᠡᠨᠡᠭᠦᠷ ᠶᠠᠪᠤᠵᠤ ᠤᠲᠤᠯ᠎ᠠ
 ᠮᠥᠷ ᠨᠢ
 ᠮᠤᠷᠤᠢ ᠰᠠᠷᠤᠢ ᠂ ᠮᠤᠷᠤᠢ ᠰᠠᠷᠤᠢ!
 ᠠᠮᠢᠲᠤᠷᠠᠯ ᠡᠨᠡᠭᠦᠷ ᠠᠯᠬᠤᠯᠠᠵᠤ ᠢᠷᠡᠯ᠎ᠡ
 ᠠᠮᠢ ᠨᠠᠰᠤ
 ᠮᠤᠷᠤᠢ ᠰᠠᠷᠤᠢ ᠂ ᠮᠤᠷᠤᠢ ᠰᠠᠷᠤᠢ!
 ᠠᠲᠤᠭᠤᠴᠢᠨ ᠮᠠᠯᠴᠢᠨ
 ᠠᠷᠤ ᠬᠢᠵᠠᠭᠠᠷ ᠦ᠋ᠨ ᠦᠨᠲᠦᠰᠦᠲᠡᠨ ᠡᠨᠡ ᠵᠠᠮ ᠶ᠋ᠢᠠᠷ ᠴᠣᠪᠣᠵᠤ ᠢᠷᠡᠯ᠎ᠡ
 ᠦᠯᠢᠭᠡᠷ ᠨᠢ
 ᠮᠤᠷᠤᠢ ᠰᠠᠷᠤᠢ ᠂ ᠮᠤᠷᠤᠢ ᠰᠠᠷᠤᠢ!
 ᠪᠠᠯᠠᠷ ᠬᠠᠷᠭᠠᠢ ᠶ᠋ᠢᠨ ᠴᠤᠤᠷᠢᠶ᠎ᠠ ᠴᠢᠩᠨᠠᠭᠰᠠᠭᠠᠷ
 ᠪᠢ ᠡᠨᠡᠭᠦᠷ ᠠᠶᠠᠯᠠᠵᠤ ᠶᠠᠪᠤᠯ᠎ᠠ
 ᠰᠡᠤᠠᠬᠢᠯᠭᠡ ᠮᠢᠨᠢ
 ᠮᠤᠷᠤᠢ ᠰᠠᠷᠤᠢ ᠂ ᠮᠤᠷᠤᠢ ᠰᠠᠷᠤᠢ! ᠁

ᠵᠠᠯᠠᠭᠤ ᠰᠢᠯᠦᠭᠴᠢᠳ ᠦᠨ ᠴᠣᠪᠣᠷᠠᠯ ᠪᠢᠴᠢᠭ᠌ 
          <  ᠢᠷᠡᠬᠦ ᠵᠠᠭᠤᠨ ᠤ ᠬᠣᠩᠬᠣᠨ ᠳᠠᠭᠤᠨ > ᠎ ᠡᠴᠡ ᠬᠠᠭᠤᠯᠪᠠ᠃

       ᠦᠰᠦᠭ ᠠᠮᠢᠯᠠᠭᠤᠯᠤᠭᠰᠠᠨ ᠨᠢ ᠄  ᠲᠩᠷᠢ ᠡᠵᠢ ᠂ ᠴᠣᠯᠮᠣᠨᠲᠤᠶᠠᠭ᠎ᠠ᠂ ᠲᠤᠭᠴᠢ ᠰᠠᠷᠠᠨ᠎ᠠ 
          ᠬᠢᠨᠠᠭᠴᠢ ᠄  ᠴᠣᠯᠮᠣᠨᠲᠤᠶᠠᠭ᠎ᠠ 
               2023 ᠂ 5 ᠂ 19  ᠪ ᠡᠲᠦᠷ