ᠰᠤᠷᠭᠠᠭᠤᠯᠢ ᠲᠡᠭᠦᠰᠬᠦ ᠳᠠᠭᠤᠤ ( ᠣᠷᠱᠤᠨ ᠭᠣᠣᠯ ) - ᠦᠭᠡ : ᠴᠦᠯᠲᠦᠮ ᠂ ᠠᠶ᠎ᠠ ᠄ ᠰᠠᠶ᠋ᠢᠨᠴᠤᠭᠲᠤ Сургууль төгсөх дуу ( Оршин гол ) – Үг : Цөлдөм ᠂ Ая ᠄ Сайнцогт
ᠰᠤᠷᠭᠠᠭᠤᠯᠢ ᠲᠡᠭᠦᠰᠬᠦ ᠳᠠᠭᠤᠤ
( ᠳᠤᠮᠳᠠᠳᠤ ᠰᠤᠷᠭᠠᠭᠤᠯᠢ ᠶ᠋ᠢᠨ ᠰᠤᠷᠤᠭᠴᠢᠳ ᠲᠤ ᠵᠣᠷᠢᠭᠤᠯᠪᠠ )
ᠦᠭᠡ ᠄ ᠴᠦᠯᠲᠦᠮ
ᠠᠶ᠎ᠠ ᠄ ᠰᠠᠶ᠋ᠢᠨᠴᠣᠭᠲᠣ
ᠳᠡᠯᠭᠡᠵᠦ ᠨᠣᠮ ᠶ᠋ᠢᠠᠨ ᠤᠩᠰᠢᠬᠰᠠᠨ
ᠳᠠᠰᠤᠯ ᠳᠤᠯᠠᠭᠠᠨ ᠭᠡᠷ ᠦ᠋ᠳ ᠮᠢᠨᠢ ᠂
ᠳᠡᠪᠬᠡᠷᠴᠦ ᠪᠠᠬᠠᠲᠠᠢ ᠲᠣᠭᠯᠠᠭᠰᠠᠨ
ᠳᠠᠷᠳᠠᠩ ᠨᠣᠭᠣᠭᠠᠨ ᠲᠠᠯᠠᠪᠠᠢ ᠮᠢᠨᠢ ᠃
ᠠ ᠠ ᠬᠥᠢ ᠠ ᠬᠠ ᠬᠦᠢ
ᠠ ᠠ ᠬᠥᠢ ᠠ ᠬᠠ ᠬᠥᠢ
ᠡᠷᠲᠡᠮ ᠦ᠋ᠨ ᠣᠷᠭᠢᠯ ᠳ᠋ᠤ᠌ ᠠᠪᠠᠷᠢᠬᠤ
ᠡᠷᠬᠢᠮ ᠳᠡᠭᠡᠵᠢ ᠶ᠋ᠢ ᠬᠦᠷᠲᠡᠭᠡᠭᠰᠡᠨ
ᠡᠬᠡ ᠰᠤᠷᠭᠠᠭᠤᠯᠢ ᠮᠢᠨᠢ ᠪᠠᠶᠠᠷᠲᠠᠢ
ᠡᠬᠡ ᠰᠤᠷᠭᠠᠭᠤᠯᠢ ᠮᠢᠨᠢ ᠪᠠᠶᠠᠷᠲᠠᠢ
ᠪᠠᠶᠠᠷᠲᠠᠢ
ᠳᠠᠭᠠᠭᠤᠯᠵᠤ ᠵᠥᠪ ᠰᠤᠷᠭᠠᠭᠰᠠᠨ
ᠬᠦᠨᠲᠦᠲᠦ ᠡᠷᠬᠢᠮ ᠪᠠᠭᠰᠢ ᠨᠠᠷ ᠮᠢᠨᠢ ᠂
ᠳᠠᠰᠤᠯᠴᠠᠵᠤ ᠤᠲᠠᠭᠠᠨ ᠲᠠᠨᠢᠯᠴᠠᠭᠰᠠ
ᠬᠥᠭᠵᠢᠭᠦᠨ ᠴᠣᠪᠣᠭᠣ ᠳᠡᠭᠦᠦ ᠨᠡᠷ ᠮᠢᠨᠢ ᠃
ᠳᠠᠬᠢᠯᠲᠠ
ᠭᠠᠷᠮᠠᠭᠠᠢ ᠪᠦᠲᠦᠭᠡᠯ ᠦ᠋ᠨ ᠦᠷ᠎ᠡ ᠪᠡᠷ
ᠭᠠᠪᠢᠶ᠎ᠠ ᠠᠴᠢ ᠶ᠋ᠢ ᠴᠢᠨᠢ ᠬᠠᠷᠢᠭᠤᠯᠬᠤ ᠪᠠᠷ ᠂
ᠲᠡᠭᠦᠰᠴᠦ ᠮᠣᠷᠲᠠᠬᠤ ᠱᠠᠪᠢ ᠨᠠᠷ ᠴᠢᠨᠢ
ᠲᠡᠭᠦᠰ ᠵᠣᠷᠢᠬ ᠶ᠋ᠢᠠᠨ ᠢᠯᠡᠤᠠᠭᠡᠶᠡ ᠃
ᠳᠠᠬᠢᠯᠲᠠ
ᠢᠷᠡᠯᠲᠡ ᠄
ᠥᠪᠥᠷ ᠮᠣᠩᠭᠣᠯ ᠦ᠋ᠨ ᠰᠣᠶᠣᠯ ᠦ᠋ᠨ ᠬᠡᠪᠯᠡᠯ ᠦ᠋ᠨ ᠬᠣᠷᠢᠶ᠎ᠠ ᠬᠡᠪᠯᠡᠭᠦᠯᠵᠦ ᠂ ᠥᠪᠥᠷ ᠮᠣᠩᠭᠣᠯ ᠦ᠋ᠨ ᠬᠠᠶ᠋ᠢᠯᠠᠷ ᠲᠡᠬᠢ ᠰᠢᠨᠬᠤᠸᠠ ᠬᠡᠪᠯᠡᠬᠦ ᠦᠢᠯᠡᠤᠠᠪᠦᠷᠢ ᠬᠡᠪᠯᠡᠭᠰᠡᠨ ᠂ ᠲᠣᠨᠲᠤᠪ ᠂ ᠲᠦᠭᠦᠷ ᠨᠠᠷ ᠵᠣᠬᠢᠶᠠᠵᠤ ᠂ ᠷᠠᠪᠲᠠᠨ ᠪ ᠠᠶ᠎ᠠ ᠦ᠋ᠨ ᠬᠢᠨᠠᠯᠲᠠ ᠲᠠᠢ ᠃1989 ᠣᠨ ᠪ 8 ᠰᠠᠷ᠎ᠠ ᠳ᠋ᠤ᠌ ᠠᠩᠬᠠᠲᠤᠭᠠᠷ ᠬᠡᠪ ᠊ᠢ ᠬᠢᠵᠦ ᠂ ᠲᠤᠰ ᠵᠢᠯ ᠦ᠋ᠨ 9 ᠰᠠᠷ᠎ᠠ ᠳ᠋ᠤ᠌ ᠠᠩᠬᠠᠲᠤᠭᠠᠷ ᠤᠲᠠᠬ᠋᠎ᠠ ᠬᠡᠪᠯᠡᠨ᠂ ᠬᠦᠯᠦᠨ ᠪᠣᠶ᠋ᠢᠷ ᠠᠶ᠋ᠢᠮᠠᠭ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠭᠰᠠᠨ ᠂《 ᠣᠷᠱᠤᠨ ᠭᠣᠣᠯ 》 ᠭᠡᠬᠦ ᠨᠣᠮ ᠠ᠋ᠴᠠ ᠡᠰᠢᠯᠡᠪᠡ ᠃
ᠦᠰᠦᠭ ᠠᠮᠢᠯᠠᠭᠤᠯᠤᠭᠴᠢ ᠄ ᠤᠷᠠᠨᠴᠡᠴᠡᠭ
ᠦᠰᠦᠭ ᠬᠢᠨᠠᠭᠴᠢ ᠄ ᠪᠠᠶᠠᠷᠴᠡᠴᠡᠭ
2023 ᠣᠨ ᠪ 5 ᠰᠠᠷ᠎ᠠ ᠶ᠋ᠢᠨ 16 ᠤ ᠡᠲᠦᠷ
