ᠮᠣᠩᠭᠣᠯ ᠪᠢᠴᠢᠭ - ᠵ · ᠮᠥᠩᠬᠡᠡᠷᠲᠡᠨᠢ Монгол бичиг - З · Мөнхэрдэнэ
ᠮᠣᠩᠭᠣᠯ ᠪᠢᠴᠢᠭ
ᠵ · ᠮᠥᠩᠬᠡᠡᠷᠲᠡᠨᠢ
ᠳᠠᠪᠬᠢᠵᠤ ᠪᠠᠶ᠋ᠢᠬ᠋᠎ᠠ ᠠᠲᠤᠭᠤᠨ ᠪ ᠳᠡᠯ ᠰᠡᠭᠦᠯ ᠰᠢᠭ᠌ ᠲᠠᠲᠠᠯᠠᠵᠤ ᠪᠢᠴᠢᠭᠰᠡᠨ
ᠳᠡᠯᠭᠡᠷᠡᠵᠦ ᠪᠠᠶ᠋ᠢᠬ᠋᠎ᠠ ᠴᠡᠴᠡᠭ ᠦ᠋ᠨ ᠳᠤᠰᠤᠯ ᠰᠢᠭᠦᠲᠡᠷᠢ ᠰᠢᠭ᠌ ᠲᠤᠩᠭᠠᠯᠠᠭ ᠪᠢᠴᠢᠭᠰᠡᠨ
ᠳᠡᠭᠦᠯᠢᠵᠦ ᠪᠠᠶ᠋ᠢᠬ᠋᠎ᠠ ᠪᠦᠷᠭᠦᠳ ᠦ᠋ᠨ ᠬᠣᠣᠰ ᠵᠢᠭᠦᠷ ᠰᠢᠭ᠌ ᠬᠦᠴᠦᠲᠡᠢ ᠪᠢᠴᠢᠭᠰᠡᠨ
ᠳᠠᠭᠤᠯᠠᠵᠤ ᠪᠠᠶ᠋ᠢᠬ᠋᠎ᠠ ᡀᠵᠠᠪ ᠦ᠋ᠨ ᠳᠡᠪᠡᠯ ᠪᠦᠰᠡ ᠰᠢᠭ᠌ ᠲᠦᠪ ᠪᠢᠴᠢᠭᠰᠡᠨ
ᠠᠯᠲᠠᠨ ᠬᠡᠷᠡᠭᠡ ᠴᠢᠯᠠᠭᠤᠨ ᠬᠥᠰᠢᠶ᠎ᠡ ᠵᠢᠷᠦᠬᠡ ᠰᠡᠤᠠᠬᠢᠯ
ᠠᠯᠢ ᠠᠯᠢᠨ ᠳ᠋ᠤ᠌ ᠨᠢ ᠰᠢᠩᠭᠡᠵᠦ ᠦᠯᠡᠳᠡᠭᠰᠡᠨ ᠬᠠᠭᠠᠨ ᠪᠢᠴᠢᠭ
ᠠᠷᠤ ᠥᠪᠥᠷ ᠪᠤᠷᠢᠶᠠᠳ ᠲᠤᠸᠠ ᠣᠶ᠋ᠢᠷᠠᠳ ᠬᠥᠬᠡᠨᠠᠭᠤᠷ
ᠠᠮᠢ ᠠᠮᠢᠨ ᠳ᠋ᠤ᠌ ᠨᠢ ᠠᠭᠤᠰᠴᠤ ᠣᠷᠣᠭᠰᠠᠨ ᠤᠲᠤᠮ ᠪᠢᠴᠢᠭ
ᠣᠲᠣ ᠴᠢᠯᠠᠭᠤ ᠶ᠋ᠢ ᠠᠭᠤᠯᠵᠠᠭᠤᠯᠲᠠᠭ ᠴᠣᠷ ᠦ᠋ᠨ ᠭᠠᠭᠴᠠ ᠬᠣᠯᠪᠣᠬ᠋᠎ᠠ
ᠣᠷᠴᠢᠯᠠᠩ ᠳ᠋ᠤ᠌ ᠪᠢᠲᠡᠨ ᠊ᠢ ᠨᠢᠭᠡᠳᠬᠡᠳᠡᠭ ᠦᠷ᠎ᠡ ᠶ᠋ᠢᠨ ᠭᠠᠭᠴᠠ ᠳᠠᠯᠪᠠᠬ᠋ᠠ
ᠠᠮᠢᠲᠤ ᠳ᠋ᠠᠭᠠᠨ ᠨᠥᠮᠥᠷᠴᠦ ᠶᠠᠪᠤᠬᠤ ᠲᠩᠷᠢ ᠮᠢᠨᠢ
ᠦᠬᠦᠬᠦ ᠳ᠋ᠡᠭᠡᠨ ᠨᠠᠯᠠᠵᠤ ᠬᠡᠪᠲᠡᠬᠦ ᠭᠠᠵᠠᠷ ᠮᠢᠨᠢ ᠃
ᠢᠯᠠᠭᠤᠭᠰᠠᠨ ᠲᠡᠭᠦᠯᠲᠡᠷ ᠳᠣᠯᠣᠭᠠᠨ ᠡᠷᠲᠡᠨᠢ ᠶ᠋ᠢᠨ ᠡᠭᠡᠰᠢᠭ ᠲᠡᠢ
ᠢᠷᠠᠭᠤ ᠠᠶᠠᠯᠭᠤᠲᠤ ᠬᠣᠷᠢᠨ ᠳᠥᠷᠪᠡᠨ ᠭᠡᠢᠭᠦᠯᠦᠭᠴᠢ ᠲᠡᠢ
ᠡᠷ᠎ᠡ ᠡᠮ᠎ᠡ ᠰᠠᠭᠠᠷᠮᠠᠭ ᠠᠷᠬ᠋᠎ᠠ ᠪᠢᠯᠢᠭ ᠦ᠋ᠨ ᠪᠦᠲᠦᠭᠡᠯ ᠲᠡᠢ
ᠡᠬᠢᠨ ᠳᠤᠮᠳᠠ ᠠᠲᠠᠭ ᠳᠦᠷᠰᠦ ᠪᠠᠶᠠᠨ ᠬᠡᠯᠪᠡᠷᠢ ᠲᠡᠢ
ᠲᠢᠲᠢᠮ ᠨᠢᠷᠤᠭᠤ ᠰᠢᠯᠪᠢ ᠬᠥᠮᠦᠨ ᠪ ᠪᠡᠶ᠎ᠡ ᠶ᠋ᠢᠨ ᠪᠦᠲᠦᠴᠡ ᠲᠡᠢ
ᠳᠡᠪᠢᠰᠭᠡᠷ ᠳᠠᠭᠠᠪᠤᠷᠢ ᠬᠡᠮᠡᠬᠦ ᠨᠠᠷᠢᠨ ᠲᠤᠩᠭᠠᠯᠠᠭ ᠤᠬᠠᠭᠠᠨ ᠲᠠᠢ
ᠶᠢᠰᠦᠨ ᠡᠷᠲᠡᠨᠢ ᠡᠴᠡ ᠦᠨᠡᠲᠡᠢ ᠴᠠᠭᠯᠠᠰᠢ ᠦᠭᠡᠢ ᠳᠡᠭᠡᠳᠦ ᠪᠢᠴᠢᠭ
ᠶᠢᠰᠦᠨ ᠰᠢᠲᠢ ᠪᠡᠷ ᠥᠭᠡᠷᠡᠴᠢᠯᠡᠭᠰᠡᠨ ᠴᠦ᠍ ᠭᠤᠶ᠋ᠢᠪᠢᠰᠢ ᠦᠭᠡᠢ ᠪᠠᠲᠤ ᠪᠢᠴᠢᠭ
ᠡᠭᠡᠯ ᠲᠦᠮᠡᠨ ᠨᠢ ᠦᠶ᠎ᠡ ᠶ᠋ᠢᠨ ᠦᠶ᠎ᠡ ᠳ᠋ᠡᠭᠡᠨ ᠬᠠᠶ᠋ᠢᠷᠠᠯᠠᠵᠤ ᠰᠢᠲᠦᠭᠰᠡᠨ
ᠡᠬᠡ ᠶ᠋ᠢᠨ ᠰᠦ᠋ ᠲᠡᠢ ᠰᠢᠮᠡᠵᠦ ᠥᠰᠦᠭᠰᠡᠨ ᠠᠷᠢᠭᠤᠨ ᠪᠢᠴᠢᠭ
ᠡᠷᠲᠡᠮᠲᠦ ᠬᠥᠪᠡᠭᠦᠳ ᠨᠢ ᠦᠷ᠎ᠡ ᠶ᠋ᠢᠨ ᠦᠷ᠎ᠡ ᠳ᠋ᠡᠭᠡᠨ ᠬᠠᠮᠠᠭᠠᠯᠠᠵᠤ ᠢᠷᠡᠭᠰᠡᠨ
ᠡᠴᠢᠭᠡ ᠶ᠋ᠢᠨ ᠴᠢᠰᠤ ᠲᠠᠢ ᠠᠰᠬᠠᠷᠠᠵᠤ ᠶᠠᠪᠤᠭᠰᠠᠨ ᠵᠣᠷᠢᠬᠲᠤ ᠪᠢᠴᠢᠭ
ᠲᠣᠲᠣ ᠸᠠᠬᠢᠨᠲᠠᠷᠠ ᠮᠠᠨᠵᠤ ᠣᠯᠠᠨ ᠪᠢᠴᠢᠭ ᠦ᠋ᠨ ᠡᠪᠦᠭᠡ
ᠲᠠᠯ᠎ᠠ ᠬᠠᠩᠭᠠᠢ ᠭᠣᠪᠢ ᠪᠤᠮᠠᠨ ᠠᠷᠠᠳ ᠦ᠋ᠨ ᠵᠢᠷᠦᠬᠡ
ᠪᠦᠲᠦᠨ ᠪᠠᠶᠠᠨ ᠠ᠋ᠴᠠ ᠠᠰᠬᠠᠷᠠᠬᠤ ᠬᠠᠶ᠋ᠢᠷ᠎ᠠ ᠮᠢᠨᠢ
ᠪᠦᠬᠦᠨ ᠶ᠋ᠢᠡᠨ ᠳᠤᠷᠠᠲᠠᠢ ᠵᠣᠷᠢᠭᠤᠯᠬᠤ ᠦᠷ᠎ᠡ ᠮᠢᠨᠢ ᠃
ᠴᠢᠬᠢᠨ ᠪ ᠭᠦᠨ ᠡᠴᠡ ᠵᠢᠮᠢᠰ ᠬᠠᠩᠬᠤᠯᠤᠮᠠᠷ ᠢᠷᠠᠭᠤ ᠰᠣᠨᠣᠰᠬᠤᠯᠠᠩ
ᠴᠡᠭᠡᠵᠢᠨ ᠳᠣᠲᠣᠷ᠎ᠠ ᠠ᠋ᠴᠠ ᠰᠢᠪᠠᠭᠤ ᠨᠢᠰᠦᠮᠡᠷ ᠤᠷᠠᠨ ᠡᠭᠡᠰᠢᠭᠯᠢᠭ
ᠬᠤᠨᠲᠠᠨ ᠴᠠᠭᠠᠰᠤᠨ ᠠ᠋ᠴᠠ ᠳᠠᠭᠢᠨᠢᠰ ᠠᠮᠢᠯᠠᠮᠠᠷ ᠭᠣᠣ᠎ᠠ ᠦᠵᠡᠰᠬᠦᠯᠡᠩ
ᠬᠤᠯᠤᠰᠤᠨ ᠦᠵᠦᠭ ᠠ᠋ᠴᠠ ᠰᠣᠯᠣᠩᠬ᠋᠎ᠠ ᠲᠠᠲᠠᠮᠠᠷ ᠦᠨᠡᠨ ᠪᠠᠶᠠᠰᠬᠤᠯᠠᠩ
ᠠᠭᠤᠯᠠ ᠤᠰᠤ ᠡᠪᠡᠰᠦ ᠴᠡᠴᠡᠭ ᠦ᠋ᠨ ᠠᠮᠢᠰᠬᠤᠯ ᠨᠡᠪᠴᠢᠭᠰᠡᠨ
ᠠᠭᠤᠲᠠᠮ ᠳᠡᠯᠡᠬᠡᠢ ᠲᠡᠷᠡ ᠴᠢᠭ᠌ ᠶ᠋ᠢᠡᠷ ᠶ᠋ᠢᠡᠨ ᠦᠨᠦᠷᠲᠦᠬᠦ ᠠᠮᠢᠲᠤ ᠪᠢᠴᠢᠭ
ᠡᠷᠬᠡᠰ ᠭᠠᠷᠠᠭ ᠨᠠᠷᠠᠨ ᠰᠠᠷᠠᠨ ᠪ ᠴᠢᠮᠡᠭᠡ ᠰᠢᠨᠭᠭᠡᠭᠰᠡᠨ
ᠡᠰᠡᠷᠸ᠋ᠠ ᠲᠩᠷᠢ ᠪᠦᠬᠦᠯᠢ ᠪᠡᠷ ᠶ᠋ᠢᠡᠨ ᠰᠣᠨᠣᠰᠤᠭᠲᠠᠬᠤ ᠠᠨᠢᠷᠲᠤ ᠪᠢᠴᠢᠭ
ᠴᠢᠩᠭᠢᠰ ᠭᠥᠶᠥᠭ ᠬᠤᠪᠢᠯᠠᠢ ᠶᠡᠬᠡ ᠬᠠᠭᠠᠳ ᠦ᠋ᠨ ᠵᠠᠷᠯᠢᠬ
ᠴᠢ ᠪᠢᠲᠡ ᠮᠠᠷᠲᠠᠪᠠᠰᠤ ᠴᠢᠮᠡᠭᠡ ᠦᠭᠡᠢ ᠢᠷᠡᠬᠦ ᠡᠷᠯᠢᠭ
ᠣᠷᠣᠢ ᠶ᠋ᠢᠨ ᠳᠡᠭᠡᠳᠦ ᠠᠪᠤ ᠮᠢᠨᠢ ᠪᠢᠯᠡ ᠣᠷᠴᠢᠯᠠᠩ ᠳ᠋ᠤ᠌ ᠭᠠᠭᠴᠠᠬᠠᠨ ᠡᠵᠢ ᠮᠢᠨᠢ ᠪᠢᠯᠡ ᠃
2023.05.05
ᠦᠰᠦᠭ ᠠᠮᠢᠯᠠᠭᠤᠯᠤᠭᠴᠢ ᠄ ᠱᠠᠭᠰᠠᠯ
ᠬᠢᠨᠠᠭᠴᠢ ᠄ ᠣᠤᠠᠬᠠᠨᠰᠣᠠ᠋
