ᠮᠣᠷᠲᠠᠬᠤ ᠠ᠋ᠴᠠ ᠡᠮᠦᠨᠡᠬᠡᠨ ( ᠣᠷᠱᠤᠨ ᠭᠣᠣᠯ ) - ᠦᠭᠡ : ᠬᠠ ᠂ ᠮᠥᠩᠬᠡᠵᠠᠭᠠᠨ ᠂ ᠠᠶ᠎ᠠ ᠄ ᠰᠠᠶ᠋ᠢᠨᠴᠤᠭᠲᠤ Мордохоос өмнөхөн ( Оршин гол ) – Үг : Х ᠂ Мөнхзаан ᠂ Ая ᠄ Сайнцогт
ᠮᠣᠷᠲᠠᠬᠤ ᠠ᠋ᠴᠠ ᠡᠮᠦᠨᠡᠬᠡᠨ
ᠦᠭᠡ ᠄ ᠬᠠ ᠂ ᠮᠥᠩᠬᠡᠵᠠᠭᠠᠨ
ᠠᠶ᠎ᠠ ᠄ ᠰᠠᠢᠨᠴᠣᠭᠲᠣ
ᠳᠤᠷᠠᠯᠠᠯ ᠊ᠢ ᠪᠤᠯᠢᠶᠠᠭᠰᠠᠨ ᠬᠣᠩᠭᠣᠷ ᠮᠢᠨᠢ ᠴᠢ
ᠬᠠᠶ᠋ᠢᠷ᠎ᠠ ᠶ᠋ᠢᠨ ᠳᠡᠭᠡᠳᠦ ᠪᠡᠷ ᠨᠠᠮᠠᠢ᠍ᠢ ᠪᠠᠨ ᠰᠢᠷᠲᠡᠨ᠎ᠡ ᠂
ᠲᠣᠷᠮᠣᠭᠣᠷ ᠨᠢᠲᠦ ᠲᠤᠩᠭᠠᠯᠠᠭ ᠬᠠᠷᠠᠴᠠ ᠴᠢᠨᠢ
ᠰᠡᠤᠠᠬᠢᠯ ᠊ᠢ ᠪᠠᠶᠠᠰᠬᠠᠮ᠎ᠠ ᠮᠦᠰᠢᠶᠡᠵᠦ ᠪᠠᠶ᠋ᠢᠨ᠎ᠠ ᠃
ᠮᠣᠷᠲᠠᠬᠤ ᠪᠣᠯᠤᠯ᠎ᠠ ᠪᠢ ᠴᠢᠨᠢ
ᠰᠠᠢᠨ ᠰᠠᠭᠤᠭᠠᠷᠠᠢ ᠴᠢ ᠮᠢᠨᠢ
ᠠᠵᠢᠯ ᠠᠩᠭᠠᠯ ᠬᠣᠶᠠᠷ ᠲᠤ ᠪᠠᠨ
ᠠᠶᠠᠲᠠᠢ ᠵᠦᠢᠲᠡᠢ ᠪᠠᠶ᠋ᠢᠭᠠᠷᠠᠢ ᠳ᠋ᠠ ᠃
ᠬᠠᠮᠲᠤ ᠪᠠᠶ᠋ᠢᠬᠤ ᠳ᠋ᠤ᠌ ᠶᠠᠭᠤᠲᠠᠢ ᠰᠠᠶ᠋ᠢᠬᠠᠨ
ᠬᠠᠶ᠋ᠢᠷ᠎ᠠ ᠳᠤᠷᠠᠯᠠᠯ ᠦ᠋ᠨ ᠭᠡᠷᠡᠯ ᠭᠢᠯᠪᠠᠬ᠋ᠠ ᠂
ᠬᠣᠯᠠ ᠠ᠋ᠴᠠ ᠮᠥᠷᠥᠭᠡᠤᠠᠬᠦ ᠦᠨᠡᠨ ᠰᠠᠶ᠋ᠢᠬᠠᠨ
ᠬᠣᠶᠠᠷ ᠪᠡᠶ᠎ᠡ ᠪᠡᠨ ᠦᠭᠡᠶ᠋ᠢᠯᠡᠬᠦ ᠶ᠋ᠢᠨ ᠵᠢᠷᠭᠠᠯ
ᠳᠠᠭᠢᠯᠲᠠ
ᠭᠠᠩᠭᠠᠩ ᠬᠥᠯᠥᠭ ᠦ᠋ᠨ ᠴᠣᠶ᠋ᠢᠯᠠᠬᠤ ᠠᠭᠰᠤᠮ ᠳ᠋ᠤ᠌
ᠭᠠᠷ ᠳᠠᠯᠠᠯᠤᠨ ᠰᠠᠯᠬᠤ ᠪᠣᠯᠤᠯ᠎ᠠ ᠂
ᠵᠠᠬᠢᠲᠠᠯ ᠶ᠋ᠢᠠᠷ ᠬᠠᠷᠢᠯᠴᠠᠬᠤ ᠠᠯᠤᠰ ᠦ᠋ᠨ ᠭᠠᠵᠠᠷ ᠲᠤ
ᠵᠡᠭᠦᠲᠦᠨᠡ ᠤᠴᠠᠷᠠᠬᠤ ᠨᠢ ᠭᠠᠭᠴᠠᠬᠠᠨ ᠴᠢ ᠃
ᠳᠠᠭᠢᠯᠲᠠ
ᠢᠷᠡᠯᠲᠡ ᠄
ᠥᠪᠥᠷ ᠮᠣᠩᠭᠣᠯ ᠦ᠋ᠨ ᠰᠣᠶᠣᠯ ᠦ᠋ᠨ ᠬᠡᠪᠯᠡᠯ ᠦ᠋ᠨ ᠬᠣᠷᠢᠶ᠎ᠠ ᠬᠡᠪᠯᠡᠭᠦᠯᠵᠦ ᠂ ᠥᠪᠥᠷ ᠮᠣᠩᠭᠣᠯ ᠦ᠋ᠨ ᠬᠠᠶ᠋ᠢᠯᠠᠷ ᠲᠡᠬᠢ ᠰᠢᠨᠬᠤᠸᠠ ᠬᠡᠪᠯᠡᠬᠦ ᠦᠢᠯᠡᠤᠠᠪᠦᠷᠢ ᠬᠡᠪᠯᠡᠭᠰᠡᠨ ᠂ ᠲᠣᠨᠲᠤᠪ ᠂ ᠲᠦᠭᠦᠷ ᠨᠠᠷ ᠵᠣᠬᠢᠶᠠᠵᠤ ᠂ ᠷᠠᠪᠲᠠᠨ ᠪ ᠠᠶ᠎ᠠ ᠦ᠋ᠨ ᠬᠢᠨᠠᠯᠲᠠ ᠲᠠᠢ ᠃1989 ᠣᠨ ᠪ 8 ᠰᠠᠷ᠎ᠠ ᠳ᠋ᠤ᠌ ᠠᠩᠬᠠᠲᠤᠭᠠᠷ ᠬᠡᠪ ᠊ᠢ ᠬᠢᠵᠦ ᠂ ᠲᠤᠰ ᠵᠢᠯ ᠦ᠋ᠨ 9 ᠰᠠᠷ᠎ᠠ ᠳ᠋ᠤ᠌ ᠠᠩᠬᠠᠲᠤᠭᠠᠷ ᠤᠲᠠᠬ᠋᠎ᠠ ᠬᠡᠪᠯᠡᠨ᠂ ᠬᠦᠯᠦᠨ ᠪᠣᠶ᠋ᠢᠷ ᠠᠶ᠋ᠢᠮᠠᠭ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠭᠰᠠᠨ ᠂《 ᠣᠷᠱᠤᠨ ᠭᠣᠣᠯ 》 ᠭᠡᠬᠦ ᠨᠣᠮ ᠠ᠋ᠴᠠ ᠡᠰᠢᠯᠡᠪᠡ ᠃
ᠦᠰᠦᠭ ᠠᠮᠢᠯᠠᠭᠤᠯᠤᠭᠴᠢ ᠄ ᠪᠠᠶᠠᠷᠴᠡᠴᠡᠭ
ᠦᠰᠦᠭ ᠬᠢᠨᠠᠭᠴᠢ ᠄ ᠪᠠᠶᠠᠷᠴᠡᠴᠡᠭ
2023 ᠣᠨ ᠪ 5 ᠰᠠᠷ᠎ᠠ ᠶ᠋ᠢᠨ 14 ᠤ ᠡᠲᠦᠷ


