ᠠᠯᠢᠮ᠎ᠠ - ᠪ᠂ ᠪᠦᠷᠢᠨᠪᠡᠬᠢ Алим - Б ᠂ Бүрэнбэх ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠯᠢᠮ᠎ᠠ - ᠪ᠂ ᠪᠦᠷᠢᠨᠪᠡᠬᠢ Алим - Б ᠂ Бүрэнбэх

ᠠᠯᠢᠮ᠎ᠠ - ᠪ᠂ ᠪᠦᠷᠢᠨᠪᠡᠬᠢ Алим - Б ᠂ Бүрэнбэх

2023-05-19

315

ᠠᠯᠢᠮ᠎ᠠ


                         ᠪ᠂ ᠪᠦᠷᠢᠨᠪᠡᠬᠢ

          ᠬᠣᠩᠭᠣᠷ ᠬᠠᠯᠢᠭᠤᠨ ᠭᠠᠯᠠᠭᠤ ᠨᠢ 
          ᠬᠣᠢᠲᠤ ᠨᠠᠭᠤᠷ ᠲᠠᠭᠠᠨ ᠵᠤᠰᠠᠭᠠᠯᠲᠠᠢ ᠃ 
          ᠬᠤᠨᠠᠨ ᠭᠠᠵᠠᠷ ᠤ᠋ᠨ ᠡᠮᠴᠢ ᠮᠢᠨᠢ 
          ᠮᠠᠯᠵᠢᠬᠤ ᠣᠷᠣᠨ ᠳ᠋ᠠᠭᠠᠨ ᠰᠠᠭᠤᠭᠠᠯᠢᠲᠠᠢ ᠃  

          ᠠᠯᠲᠠᠨ ᠴᠣᠮᠣᠷᠯᠢᠭᠲᠤ ᠯᠢᠩᠬᠤ᠎ᠠ ᠨᠢ 
          ᠠᠷᠤ ᠶ᠋ᠢᠨ ᠨᠠᠭᠤᠷ ᠲᠠᠭᠠᠨ ᠳᠡᠯᠭᠡᠭᠡᠰᠦᠲᠡᠢ ᠃ 
          ᠠᠷᠠᠳ ᠤ᠋ᠨ ᠰᠠᠢᠨ ᠡᠮᠴᠢ ᠮᠢᠨᠢ 
          ᠠᠶᠠᠯᠭᠤ ᠰᠢᠯᠦᠭ ᠲᠡᠭᠡᠨ ᠮᠠᠭᠲᠠᠭᠠᠯᠲᠠᠢ ᠃ 
      ᠪᠢ ᠡᠨᠡ ᠠᠷᠠᠳ ᠤ᠋ᠨ ᠳᠠᠭᠤᠤ ᠶ᠋ᠢ ᠳ᠋ᠡᠭᠡᠨ ᠨᠡᠬᠡᠭᠰᠡᠭᠡᠷ ᠠᠶᠠᠯᠠᠭᠤᠯᠤᠨ ᠰᠢᠯᠦᠭᠯᠡᠭᠳᠡᠭᠰᠡᠨ ᠲᠡᠷᠡ ᠡᠮᠴᠢ ᠶ᠋ᠢ ᠰᠤᠷᠠᠭᠯᠠᠨ ᠡᠷᠢᠭᠰᠡᠭᠡᠷ ᠭᠦᠨ᠎ᠡ ᠴᠡᠩᠬᠡᠷ ᠨᠠᠭᠤᠷ ᠤ᠋ᠨ ᠬᠥᠪᠡᠭᠡ ᠪᠡᠷ ᠴᠦ᠍ ᠶᠠᠪᠤᠯ᠎ᠠ ᠂ ᠭᠦᠶᠦᠬᠡᠨ ᠨᠣᠭᠣᠭᠠᠨ ᠬᠠᠪᠤᠷᠵᠢᠶ᠎ᠠ ᠳᠡᠭᠡᠷ᠎ᠡ ᠴᠦ᠍ ᠬᠦᠷᠦᠯ᠎ᠡ ᠂ ᠡᠮᠴᠢ ᠶ᠋ᠢᠨ ᠶᠠᠪᠤᠬᠤ ᠨᠢ ᠳᠠᠭᠤᠤ ᠶ᠋ᠢᠨ ᠬᠦᠪᠦᠬᠦ ᠡᠴᠡ ᠬᠤᠷᠳᠤᠨ ᠲᠤᠯᠠ ᠶᠡᠷᠦᠨᠢ ᠨᠢᠭᠤᠷ ᠵᠣᠯᠭᠠᠵᠤ ᠂ ᠭᠠᠷ ᠪᠠᠷᠢᠯᠴᠠᠵᠤ ᠴᠢᠳᠠᠭᠰᠠᠨ ᠦᠭᠡᠢ ᠃ ᠬᠥᠮᠦᠰ ᠡᠴᠡ ᠰᠣᠨᠣᠰᠬᠤ ᠳ᠋ᠤ᠌ ᠯᠢ ( ᠮᠣᠩᠭᠣᠯ ᠳ᠋ᠤ᠌ ᠠᠯᠢᠮ᠎ᠠ ᠭᠡᠰᠡᠨ ᠤᠳᠬ᠎ᠠ ᠲᠠᠢ ) ᠡᠮᠴᠢ ᠬᠥᠬᠡᠬᠣᠲᠠ ᠶ᠋ᠢᠨ ᠡᠮᠨᠡᠯᠭᠡ ᠶ᠋ᠢᠨ ᠳᠡᠭᠡᠳᠦ ᠰᠤᠷᠭᠠᠭᠤᠯᠢ ᠳ᠋ᠤ᠌ ᠮᠣᠩᠭᠣᠯ ᠡᠮᠨᠡᠯᠭᠡ ᠶ᠋ᠢ ᠰᠤᠷᠤᠯᠴᠠᠨ ᠲᠡᠭᠦᠰᠬᠡᠵᠦ ᠦᠵᠦᠮᠦᠴᠢᠨ ᠳ᠋ᠦ᠍ ᠢᠷᠡᠭᠡᠳ ᠨᠢᠭᠡᠨᠲᠡ ᠲᠠᠪᠤᠨ ᠵᠢᠯ ᠰᠢᠬᠠᠭᠤ ᠠᠵᠢᠯᠯᠠᠵᠠᠢ ᠭᠡᠨ᠎ᠡ ᠃ ᠮᠠᠯᠴᠢᠳ ᠲᠡᠭᠦᠨ ᠢ᠋ ᠨᠢᠭᠡ ᠳ᠋ᠦ᠍ ᠲᠡᠷᠢᠭᠦᠯᠡᠭᠴᠢ ᠶ᠋ᠢᠨ ᠨᠤᠲᠤᠭ ᠤ᠋ᠨ ᠬᠥᠮᠦᠨ ᠦ᠌ ᠬᠥᠮᠦᠨ ᠶᠤᠮ ᠭᠡᠳ ᠂ ᠬᠣᠶᠠᠷ ᠲᠤ᠌ ᠲᠡᠷᠢᠭᠦᠯᠡᠭᠴᠢ ᠶ᠋ᠢᠨ ᠶᠠᠪᠤᠭᠤᠯᠤᠭᠰᠠᠨ ᠡᠮᠴᠢ ᠶᠤᠮ ᠭᠡᠳ ᠭᠤᠷᠪᠠ ᠳ᠋ᠤ᠌ ᠲᠡᠷᠢᠭᠦᠯᠡᠭᠴᠢ ᠶ᠋ᠢᠨ ᠵᠢᠭᠠᠪᠤᠷᠢ ᠳᠠᠭᠠᠭᠠᠯᠭᠠᠪᠤᠷᠢ ᠶ᠋ᠢ ᠰᠠᠢᠲᠤᠷ ᠪᠡᠶᠡᠯᠡᠭᠦᠯᠦᠭᠰᠡᠨ ᠬᠤᠪᠢᠰᠬᠠᠯᠴᠢ ᠵᠠᠯᠠᠭᠤ ᠶᠤᠮ ᠭᠡᠳ ᠰᠡᠳᠬᠢᠯ ᠵᠢᠷᠦᠬᠡᠨ ᠠᠴᠠ ᠢ᠋ᠶ᠋ᠡᠨ ᠳᠣᠲᠣᠨᠣᠴᠢᠯᠠᠨ ᠬᠠᠢᠷᠠᠯᠠᠨ᠎ᠠ ᠃  
      ᠦᠵᠦᠮᠦᠴᠢᠨ ᠨᠤᠲᠤᠭ ᠢ᠋ᠶ᠋ᠠᠷ ᠢᠷᠡᠵᠦ ᠪᠠᠢᠭᠠᠳ ᠡᠢᠮᠦ ᠨᠥᠬᠥᠷ ᠲᠡᠢ ᠤᠴᠠᠷᠠᠬᠤ ᠦᠭᠡᠢ ᠪᠡᠷ ᠪᠤᠴᠠᠵᠤ ᠶᠠᠭᠠᠬᠢᠵᠤ ᠪᠣᠯᠬᠤ ᠪᠣᠢ ᠃ ᠯᠢ ᠡᠮᠴᠢ ᠨᠢᠭᠡᠳᠦᠯ ᠳᠡᠭᠡᠷ᠎ᠡ ᠪᠡᠨ ᠬᠡᠵᠢᠶᠡᠳᠡ ᠰᠠᠭᠤᠳᠠᠭ ᠦᠭᠡᠢ ᠲᠤᠯᠠ ᠲᠡᠭᠦᠨ ᠢ᠋ ᠰᠤᠷᠪᠤᠯᠵᠢᠯᠠᠶ᠎ᠠ ᠭᠡᠪᠡᠯ ᠮᠠᠯᠴᠢᠳ ᠤ᠋ᠨ ᠭᠡᠷ ᠢ᠋ᠶ᠋ᠡᠷ ᠡᠷᠢᠬᠦ ᠬᠡᠷᠡᠭᠲᠡᠢ ᠃ ᠨᠢᠭᠡᠳᠦᠯ ᠳᠡᠭᠡᠷ᠎ᠡ ᠢᠷᠡᠭᠰᠡᠨ ᠪᠠᠷᠢᠭᠠᠳᠠ ᠶ᠋ᠢᠨ ᠭᠠᠨᠪᠦ᠋ ᠪᠠ ᠮᠠᠯᠴᠢᠳ ᠠᠴᠠ ᠲᠡᠭᠦᠨ ᠦ᠌ ᠰᠤᠷᠠᠭ ᠢ᠋ ᠰᠠᠢᠬᠠᠨ ᠯᠠᠪᠯᠠᠭᠠᠳ ᠴᠢᠯᠠᠭᠤᠲᠤ ᠪᠠᠷᠢᠭᠠᠳᠠ ᠶ᠋ᠢᠨ ᠬᠣᠶᠠᠳᠤᠭᠠᠷ ᠬᠣᠲᠠ ᠳ᠋ᠤ᠌ ᠬᠦᠷᠦᠯ᠎ᠡ ᠃ ᠡᠨᠡ ᠬᠣᠲᠠᠨ ᠳ᠋ᠤ᠌ ᠰᠠᠭᠤᠳᠠᠭ ᠨᠢᠷᠤᠭᠤ ᠬᠥᠯ ᠬᠠᠭᠤᠴᠢᠨ ᠲᠠᠢ ᠪᠡᠯᠪᠡᠰᠦᠨ ᠡᠵᠢ ᠲᠦᠭᠢᠮ᠎ᠡ ᠲᠡᠢ ᠪᠢ ᠡᠮᠦᠨ᠎ᠡ ᠬᠡᠳᠦᠨ ᠵᠢᠯ ᠲᠠᠨᠢᠯᠴᠠᠭᠰᠠᠨ ᠪᠢᠯᠡ ᠃ ᠲᠠᠨᠢᠯ ᠳᠡᠭᠡᠷ᠎ᠡ ᠪᠡᠨ ᠡᠪᠡᠳᠴᠢᠨ ᠬᠠᠭᠤᠴᠢᠨ ᠲᠠᠢ ᠤᠴᠢᠷ ᠲᠡᠭᠦᠨ ᠦ᠌ ᠳ᠋ᠦ᠍ ᠪᠠᠭᠤᠪᠠᠯ ᠡᠮᠴᠢ ᠶ᠋ᠢ ᠰᠤᠷᠠᠭᠯᠠᠬᠤ ᠳ᠋ᠤ᠌ ᠳᠥᠭᠥᠮ ᠭᠡᠵᠦ ᠪᠣᠳᠣᠭᠠᠳ ᠲᠦᠭᠢᠮ᠎ᠡ ᠡᠵᠢ ᠶ᠋ᠢᠨ ᠳ᠋ᠦ᠍ ᠪᠠᠭᠤᠯ᠎ᠠ ᠃ ᠡᠵᠢ ᠶ᠋ᠢᠨ ᠬᠥᠳᠡᠯᠵᠦ ᠪᠠᠷᠢᠬᠤ  ᠠᠴᠠ ᠦᠵᠡᠪᠡᠯ ᠬᠠᠷᠢᠨ ᠡᠪᠡᠳᠴᠢᠨ ᠬᠠᠭᠤᠴᠢᠨ ᠲᠠᠢ ᠬᠥᠮᠦᠨ ᠦ᠌ ᠰᠢᠨᠵᠢ ᠦᠭᠡᠢ ᠂ ᠠᠭᠳᠤᠭᠠᠷ ᠨᠢᠷᠤᠭᠤ ᠨᠢ ᠳᠡᠨᠢᠭᠡᠳ ᠠᠯᠬᠤᠵᠤ ᠭᠢᠰᠬᠢᠬᠦ ᠨᠢ ᠬᠦᠩᠭᠡᠷᠡᠴᠢᠵᠢ ᠃ ᠶᠠᠷᠢᠯᠴᠠᠭᠠᠨ ᠤ᠋ ᠳᠤᠮᠳᠠ ᠡᠵᠢ᠄ 
      《 ᠨᠢᠭᠡᠳᠦᠯ ᠡᠴᠡ ᠢᠷᠡᠪᠡᠦ ᠬᠡᠦᠬᠡ  》 ᠭᠡᠵᠦ ᠠᠰᠠᠭᠤᠬᠤ ᠳ᠋ᠤ᠌ ᠂ 
      《 ᠨᠢᠭᠡᠳᠦᠯ ᠡᠴᠡ ᠢᠷᠡᠵᠡᠢ 》  ᠭᠡᠪᠡ ᠃ 
      《 ᠠᠯᠢᠮ᠎ᠠ ᠬᠦᠦ ᠮᠢᠨᠢ ᠨᠢᠭᠡᠳᠦᠯ ᠳ᠋ᠡᠭᠡᠨ ᠪᠤᠴᠠᠪᠠᠤ 》 ᠠᠯᠢᠮ᠎ᠠ ᠬᠦᠦ ᠭᠡᠨ᠎ᠡ  ᠲᠦᠭᠢᠮ᠎ᠡ ᠡᠵᠢ ᠦᠷ᠎ᠡ ᠬᠡᠦᠬᠡᠳ ᠦᠭᠡᠢ ᠪᠥᠭᠡᠳ ᠤᠷᠤᠭ ᠰᠠᠳᠤᠨ ᠴᠦ᠍ ᠡᠨᠡ ᠭᠠᠵᠠᠷ  ᠪᠠᠢᠬᠤ ᠦᠭᠡᠢ ᠶᠢ ᠪᠢ ᠮᠡᠳᠡᠬᠦ ᠲᠤᠯᠠ ᠡᠭᠦᠨ ᠢ᠋ ᠲᠦᠳᠡᠭᠡᠯᠵᠡᠨ ᠪᠠᠢᠲᠠᠯ᠎ᠠ ᠂ ᠡᠵᠢ ᠬᠡᠳᠦᠢᠨ ᠤᠴᠢᠷ ᠢ᠋ ᠮᠡᠳᠡᠭᠰᠡᠨ ᠶᠤᠮ ᠰᠢᠭ ᠶᠡᠬᠡ ᠯᠡ ᠶᠤᠭᠲᠠᠷᠠᠬᠣᠨ ᠢ᠋ᠶ᠋ᠠᠷ ᠄
      《 ᠠᠯᠢᠮ᠎ᠠ ᠬᠦᠦ ᠪᠢᠳᠡ ᠬᠣᠶᠠᠷ ᠪᠣᠯ ᠤᠷᠤᠭ ᠰᠠᠳᠤᠨ ᠤ᠋ ᠬᠣᠯᠪᠣᠭᠠᠲᠠᠨ ᠪᠢᠰᠢ ᠂ ᠣᠶᠤᠨ ᠵᠢᠷᠦᠬᠡᠨ ᠦ᠌  ᠪᠠᠷᠢᠯᠳᠣᠯᠭᠠᠲᠠᠨ ᠶᠤᠮ ᠰᠢᠦ 》 ᠭᠡᠳ ᠄
      《ᠬᠠᠪᠤᠷ ᠴᠠᠭ ᠬᠠᠷᠠᠰᠤ ᠪᠣᠷᠤᠰᠤ ᠂ ᠪᠢ ᠡᠪᠦᠯ ᠦ᠋ᠨ ᠢᠳᠡᠰᠢᠨ ᠦ᠌ ᠪᠡᠨ ᠢᠷᠣᠭᠠᠷ ᠰᠢᠪᠬᠠᠷᠤᠤ ᠶ᠋ᠢ ᠬᠤᠷᠢᠶᠠᠬᠤ ᠳ᠋ᠠᠭᠠᠨ ᠭᠠᠭᠴᠠᠬᠠᠨ ᠬᠣᠨᠢᠨ ᠡᠪᠴᠢᠭᠦᠦ ᠪᠠᠢᠭᠰᠠᠨ ᠢ᠋ ᠪᠣᠯᠭᠠᠴᠢᠬᠠᠭᠠᠳ ᠬᠦᠦ ᠪᠡᠨ ᠪᠠᠷ᠎ᠠ ᠬᠠᠷᠠᠵᠤ ᠰᠠᠭᠤᠨ᠎ᠠ ᠃ ᠬᠦᠦ ᠮᠢᠨᠢ ᠣᠢᠷ᠎ᠠ ᠳ᠋ᠤ᠌  ᠶᠡᠷᠦᠨᠢ ᠢᠷᠡᠭᠰᠡᠨ ᠦᠭᠡᠢ ᠂  ᠡᠷᠲᠡᠯᠡᠵᠦ ᠣᠷᠣᠢᠯᠠᠵᠤ ᠶᠠᠪᠤᠭᠰᠠᠭᠠᠷ ᠮᠠᠷᠢᠶ᠎ᠠ ᠮᠢᠬ᠎ᠠ ᠪᠠᠨ ᠰᠢᠭᠣᠷᠠᠭᠣᠯᠴᠢᠯ᠎ᠡ ᠭᠡᠰᠡᠨ ᠴᠢᠮᠡᠭᠡ ᠲᠡᠢ ᠃ ᠬᠢᠲᠤᠭ᠎ᠠ ᠬᠡᠳᠦᠢ ᠬᠤᠷᠴᠠ ᠪᠣᠯᠪᠠᠴᠤ ᠡᠰᠢᠨ ᠢ᠋ᠶ᠋ᠡᠨ ᠲᠤᠰᠠ ᠦᠭᠡᠢ ᠭᠡᠵᠡᠢ ᠂ ᠡᠮᠴᠢ ᠬᠥᠮᠦᠨ ᠦ᠌ ᠡᠮ ᠨᠢ ᠪᠡᠶ᠎ᠡ ᠳ᠋ᠤᠨᠢ ᠭᠦᠶᠦᠬᠦ ᠦᠭᠡᠢ ᠶᠤᠮ ᠰᠢᠦ ᠁ 》 ᠭᠡᠵᠦ ᠡᠵᠢ ᠶ᠋ᠢ ᠦᠷᠭᠦᠯᠵᠢᠯᠡᠨ ᠶᠠᠷᠢᠵᠤ ᠪᠠᠢᠲᠠᠯ᠎ᠠ ᠵᠡᠷᠭᠡᠯᠡᠳᠡᠭᠡ ᠭᠡᠷ ᠤᠨ  ᠨᠢᠭᠡ ᠡᠪᠦᠭᠡᠵᠢᠶᠡᠷ ᠬᠥᠮᠦᠨ ᠣᠷᠣᠵᠤ ᠢᠷᠡᠭᠡᠳ ᠄ 
      《 ᠲᠦᠭᠢᠮ᠎ᠡ ᠭᠤᠸᠠᠢ ᠂ ᠮᠠᠨ ᠤ᠋ ᠯᠢ ᠡᠭᠦᠨ ᠢ᠋ᠶ᠋ᠡᠷ ᠢᠷᠡᠬᠦ ᠭᠡᠨ᠎ᠡ ᠦᠦ ?》 ᠭᠡᠵᠦ ᠬᠡᠳᠦᠢᠪᠡᠷ ᠡᠮᠡᠭᠡᠨ ᠡᠴᠡ ᠠᠰᠠᠭᠤᠭᠰᠠᠨ ᠪᠣᠯᠪᠠᠴᠤ ᠨᠢᠳᠦ ᠨᠢ ᠮᠢᠨᠦ ᠳᠡᠭᠡᠷ᠎ᠡ ᠲᠤᠰᠤᠨ᠎ᠠ ᠃  ᠨᠠᠮᠠᠶ᠋ᠢ ᠯᠠᠪ ᠣᠯᠠᠨ ᠢ᠋ ᠲᠣᠭᠣᠷᠢᠭᠰᠠᠨ ᠬᠥᠮᠦᠨ ᠲᠤᠯᠠ  ᠯᠢ ᠡᠮᠴᠢ ᠶ᠋ᠢᠨ ᠲᠤᠬᠠᠢᠳᠢ ᠴᠢᠮᠡᠭᠡ ᠮᠡᠳᠡᠬᠦ ᠮᠠᠭᠠᠳ ᠦᠭᠡᠢ ᠭᠡᠵᠦ ᠪᠣᠳᠣᠭᠰᠠᠨ ᠪᠣᠯᠤᠯᠲᠠᠢ᠃   
      《 ᠡᠷᠡᠭᠦᠯ ᠬᠥᠮᠦᠨ ᠡᠮᠴᠢ ᠡᠷᠢᠳᠡᠭ ᠦᠭᠡᠢ ᠂ ᠡᠮᠨᠢᠭ ᠮᠣᠷᠢ ᠵᠠᠮ ᠡᠷᠢᠳᠡᠭ ᠦᠭᠡᠢ ᠭᠡᠵᠢ ᠂ ᠴᠢ ᠴᠢᠨᠢ ᠡᠷᠡᠭᠦᠯ ᠮᠡᠨᠳᠦ ᠪᠠᠢᠭ᠎ᠠ ᠪᠢᠰᠢ ᠶᠤᠮ ‍ᠦᠦ ? 》 ᠭᠡᠵᠦ ᠡᠮᠡᠭᠡᠨ ᠡᠵᠢ ᠡᠴᠡ ᠨᠠᠭᠠᠳᠤᠮ ᠪᠣᠯᠭᠠᠨ ᠬᠡᠯᠡᠬᠦ ᠳ᠋ᠦ᠍᠂ 
      《 ᠪᠣᠯᠵᠣᠮᠣᠷ ᠰᠢᠪᠠᠭᠤ ᠪᠤᠷᠭᠠᠰᠤ ᠪᠠᠨ ᠮᠠᠷᠲᠠᠳᠠᠭ ᠦᠭᠡᠢ ᠂ ᠪᠤᠭᠤ ᠭᠥᠷᠥᠭᠡᠰᠦ ᠪᠤᠯᠠᠭ ᠢ᠋ᠶ᠋ᠠᠨ ᠮᠠᠷᠲᠠᠳᠠᠭ ᠦᠭᠡᠢ ᠭᠡᠵᠢ ᠂ ᠡᠮᠵᠡᠭᠲᠡᠢ ᠪᠡᠶ᠎ᠡ ᠴᠢᠨᠢ ᠡᠷᠡᠭᠦᠯᠵᠢᠭᠰᠡᠨ ᠡᠴᠡ ᠬᠣᠢᠰᠢ ᠡᠮᠴᠢ ᠪᠡᠨ ᠲᠠᠭ ᠮᠠᠷᠲᠠᠴᠢᠪᠡᠦ ᠴᠢ  》 ᠭᠡᠰᠡᠨ ᠡᠪᠦᠭᠡᠨ ᠦ᠌ ᠬᠦᠴᠦᠲᠦ ᠬᠠᠷᠢᠭᠤᠯᠲᠠ ᠨᠢ ᠡᠵᠢ ᠳ᠋ᠦ᠍ ᠶᠡᠬᠡᠯ᠎ᠡ ᠲᠠᠭᠠᠯᠠᠮᠵᠢᠲᠠᠢ ᠪᠣᠳᠣᠭᠳᠠᠭᠰᠠᠨ ᠶᠤᠮ ᠰᠢᠭ᠋ ᠲᠡᠰᠬᠡᠯ ᠦᠭᠡᠢ ᠢᠨᠢᠶᠡᠪᠡ᠃  
      《 ᠵᠠᠶᠠᠭ᠎ᠠ ᠦᠭᠡᠢ ᠬᠥᠮᠦᠨ ᠵᠠᠮ ᠳᠡᠭᠡᠷ᠎ᠡ ᠠᠭᠤᠯᠵᠠᠬᠤ ᠦᠭᠡᠢ ᠃ ᠵᠢᠭᠠᠷ ᠦᠭᠡᠢ ᠪᠡᠬᠡ ᠴᠠᠭᠠᠰᠤᠨ ᠳᠡᠭᠡᠷ᠎ᠡ ᠰᠠᠭᠤᠬᠤ ᠦᠭᠡᠢ ᠭᠡᠵᠢ ᠂ ᠴᠢᠩᠭᠢᠪᠡᠯ ᠪᠢᠳᠡ ᠭᠤᠷᠪᠠᠭᠤᠯᠠ ᠪᠠᠨ ᠴᠥᠮ ᠯᠢ ᠡᠮᠴᠢ ᠶ᠋ᠢᠨ  ᠡᠷᠢᠯᠴᠢᠨ   ᠪᠠᠢᠭ᠎ᠠ ᠶᠤᠮ ᠪᠠᠢᠨ᠎ᠠ ᠰᠢᠦ 》 ᠭᠡᠵᠦ ᠪᠢ ᠬᠡᠯᠡᠭᠡᠳ ᠪᠦᠭᠦᠳᠡᠭᠡᠷ ᠢ᠋ᠶ᠋ᠡᠨ ᠢᠨᠢᠶᠡᠯᠴᠡᠵᠡᠭᠡᠪᠡ  
     ᠡᠨᠡ ᠬᠣᠶᠠᠷ ᠡᠳᠦᠷ ᠯᠢ ᠡᠮᠴᠢ ᠭᠤᠷᠪᠠᠳᠤᠭᠠᠷ ᠬᠣᠲᠠ ᠪᠠᠷ ᠢᠷᠡᠬᠦ ᠴᠢᠮᠡᠭᠡ ᠲᠡᠢ ᠭᠡᠳᠡᠭ ᠢ᠋ ᠪᠢ ᠲᠡᠷᠡ ᠡᠪᠦᠭᠡᠨ ᠡᠴᠡ ᠯᠠᠪᠲᠠᠢ ᠰᠣᠨᠣᠰᠴᠠᠢ ᠃ ᠶᠠᠭᠤ ᠪᠣᠯᠤᠭᠰᠠᠨ ᠴᠤ᠌ ᠭᠤᠷᠪᠠᠳᠤᠭᠠᠷ ᠬᠣᠲᠠ ᠪᠠᠰᠠ ᠡᠨᠳᠡ ᠡᠴᠡ ᠣᠢᠷᠠᠬᠠᠨ ᠶᠦ᠍ᠮ ᠴᠢᠨᠢ ᠣᠴᠢᠵᠤ ᠦᠵᠡᠶ᠎ᠡ ᠭᠡᠵᠦ ᠪᠣᠳᠣᠭᠠᠳ ᠴᠠᠢ ᠤᠤᠭᠤᠵᠤ ᠮᠣᠷᠢ ᠪᠠᠨ ᠠᠮᠠᠷᠠᠭᠠᠭᠠᠳ ᠳᠠᠬᠢᠨ ᠵᠠᠮ ᠬᠥᠭᠡᠭᠡᠯ᠎ᠡ ᠃ ᠦᠵᠦᠮᠦᠴᠢᠨ ᠨᠤᠲᠤᠭ ᠤ᠋ᠨ ᠬᠠᠪᠤᠷ ᠶᠠᠭᠠᠬᠢᠭᠰᠠᠨ ᠰᠠᠢᠬᠠᠨ ᠪᠣᠢ᠃ ᠠᠯᠤᠰ  ᠬᠠᠢᠷᠬᠠᠨ ᠤ ᠣᠷᠭᠢᠯ ᠳᠡᠭᠡᠷᠡᠬᠢ ᠮᠥᠩᠭᠥᠨ ᠴᠠᠭᠠᠨ ᠴᠠᠰᠤ᠃ ᠠᠲᠠᠷ ᠲᠠᠯ᠎ᠠ ᠶ᠋ᠢᠨ ᠪᠡᠯᠴᠢᠭᠡᠷ ᠳᠡᠭᠡᠭᠦᠷᠬᠢ ᠰᠢᠩᠭᠡᠨ ᠨᠣᠭᠣᠭᠠᠨ ᠤᠨᠢᠶᠠᠷ᠃ ᠴᠡᠩᠬᠡᠷ ᠨᠠᠭᠤᠷ ᠤ᠋ᠨ ᠲᠣᠭᠣᠷᠢᠨ  ᠪᠡᠯᠴᠢᠭᠰᠡᠨ ᠬᠤᠷᠠᠭ᠎ᠠ ᠢᠰᠢᠭᠡᠨ ᠦ᠌ ᠰᠦᠷᠦᠭ᠃ ᠴᠡᠭᠡᠨ ᠵᠠᠮ ᠢ᠋ᠶ᠋ᠠᠷ ᠨᠢᠰᠦᠨ ᠳᠠᠪᠬᠢᠭᠰᠠᠨ ᠮᠠᠰᠢᠨ ᠲᠡᠷᠭᠡᠨ ᠦ᠌ ᠴᠤᠪᠤᠭ᠎ᠠ᠃ ᠡᠳᠡᠭᠡᠷ ᠰᠠᠢᠬᠠᠨ ᠦᠵᠡᠮᠵᠢ ᠪᠠᠢᠳᠠᠯ ᠳ᠋ᠦ᠍ ᠰᠡᠳᠬᠢᠯ ᠬᠣᠷᠭᠣᠳᠠᠭᠰᠠᠭᠠᠷ ᠮᠣᠷᠢ ᠪᠠᠨ ᠠᠭᠠᠵᠢᠭᠤ ᠠᠯᠬᠤᠭᠤᠯᠤᠨ ᠶᠠᠪᠤᠲᠠᠯ᠎ᠠ ᠭᠡᠨᠡᠳᠲᠡ ᠲᠡᠮᠡᠭᠡ  ᠪᠤᠢᠯᠠᠬᠤ ᠳᠠᠭᠤᠨ ᠰᠣᠨᠣᠰᠳᠠᠨ᠎ᠠ᠃ ᠯᠠᠪᠯᠠᠨ ᠠᠵᠢᠭᠯᠠᠪᠠᠯ ᠂ ᠡᠮᠦᠨ᠎ᠡ ᠬᠣᠲᠣᠭᠣᠷ ᠲᠤ᠌ ᠨᠢᠭᠡ ᠲᠡᠮᠡᠭᠡᠲᠡᠢ ᠬᠥᠮᠦᠨ ᠴᠠᠰᠢ ᠲᠡᠰᠢᠭᠦᠯᠦᠨ᠎ᠡ ᠃  ᠬᠠᠨᠢ ᠲᠠᠢ ᠶᠠᠪᠤᠨ᠎ᠠ ᠭᠡᠵᠦ ᠪᠣᠳᠣᠭᠠᠳ ᠮᠣᠷᠢ ᠪᠠᠨ ᠱᠣᠭᠰᠢᠭᠤᠯᠤᠨ ᠭᠦᠢᠴᠡᠵᠦ ᠬᠦᠷᠦᠭᠡᠳ ᠮᠡᠨᠳᠦ ᠰᠠᠢᠨ ᠢᠶᠠᠨ ᠠᠰᠠᠭᠤᠯᠴᠠᠪᠠ ᠃ ᠬᠠᠨᠢᠳᠠᠨ ᠢ᠋ᠶ᠋ᠠᠨ ᠯᠠᠪᠯᠠᠨ ᠦᠵᠡᠪᠡᠯ ᠨᠢᠭᠤᠷ ᠤ᠋ᠨ ᠬᠢᠨᠢ ᠮᠢᠬᠠᠨ ᠰᠢᠷᠭᠢᠭ ᠨᠠᠷᠢᠨ ᠪᠥᠭᠡᠳ ᠥᠩᠭᠡ ᠵᠢᠰᠦ ᠪᠡᠷ ᠭᠤᠸᠠᠯᠢᠭ ᠪᠣᠯᠪᠠᠴᠤ ᠨᠠᠷᠠ ᠬᠤᠷ᠎ᠠ ᠰᠠᠯᠬᠢ ᠰᠢᠭᠤᠷᠭ᠎ᠠ ᠳ᠋ᠤ᠌ ᠶᠠᠪᠤᠭᠰᠠᠭᠠᠷ ᠴᠢᠷᠠᠢ ᠨᠢ ᠨᠢᠭᠡᠨᠲᠡ ᠪᠣᠯᠪᠠᠰᠤᠷᠠᠭᠰᠠᠨ ᠬᠦᠷᠡᠯ ᠰᠢᠭ ᠪᠣᠷᠣ ᠬᠠᠷ᠎ᠠ ᠪᠣᠯᠴᠢᠵᠠᠢ ᠃ ᠨᠠᠰᠤ ᠨᠢ ᠠᠭᠳᠠᠬᠤ ᠳ᠋ᠠᠭᠠᠨ ᠬᠣᠷᠢᠨ ᠳᠣᠯᠣᠭ᠎ᠠ ᠨᠠᠢ᠍ᠮᠠ ᠶ᠋ᠢ ᠬᠡᠲᠦᠷᠡᠭᠡᠳᠦᠢ ᠃ ᠥᠩᠭᠡ ᠵᠢᠰᠦ ᠶ᠋ᠢ ᠨᠢ ᠦᠵᠡᠪᠡᠯ ᠲᠠᠷᠢᠶᠠᠯᠠᠬᠤ ᠣᠷᠣᠨ ᠤ᠋ ᠬᠥᠮᠦᠨ ᠰᠢᠭ ᠪᠣᠯᠪᠠᠴᠤ ᠦᠭᠡ ᠶᠠᠷᠢᠭ᠎ᠠ ᠶ᠋ᠢ ᠨᠢ ᠰᠣᠨᠣᠰᠪᠠᠯ ᠨᠤᠲᠤᠭ ᠤ᠋ᠨ ᠬᠥᠮᠦᠨ ᠦ᠌  ᠮᠠᠶᠢᠭ ᠲᠠᠢ ᠃ ᠨᠢᠷᠤᠭᠤᠨ ᠳᠡᠭᠡᠷ᠎ᠡ ᠪᠡᠨ ᠢᠰᠡᠭᠡᠢ ᠤᠭᠤᠲᠠ ᠲᠠᠢ ᠬᠡᠳᠦᠨ ᠨᠣᠢᠲᠠᠨ ᠬᠤᠷᠠᠭ᠎ᠠ ᠢᠰᠢᠭᠡ ᠡᠭᠦᠷᠴᠢᠵᠡᠢ ᠃ ᠬᠥᠭᠡᠷᠦᠬᠦᠢ ᠲᠡᠳᠡᠭᠡᠷ ᠬᠤᠷᠠᠭ᠎ᠠ ᠢᠰᠢᠭᠡ ᠲᠡᠮᠡᠭᠡᠨ ᠦ᠌ ᠲᠠᠰᠢᠯᠲᠠ ᠲᠠᠢ ᠬᠠᠮᠰᠠᠷᠠᠭᠤᠯᠤᠨ ᠪᠠᠢᠨ ᠪᠠᠢᠨ ᠨᠢᠷᠠᠢ ᠳᠠᠭᠤᠨ ᠢ᠋ᠶ᠋ᠠᠷ ᠮᠠᠢᠯᠠᠯᠳᠤᠨ᠎ᠠ ᠃ ᠬᠡᠭᠡᠷ᠎ᠡ ᠰᠠᠶ᠋ᠢᠬᠠᠨ ᠲᠣᠰᠴᠤ ᠠᠪᠤᠭᠠᠳ ᠡᠬᠡ ᠳ᠋ᠦ᠍ᠨᠢ ᠬᠦᠬᠦᠯᠦᠭᠡᠳᠦᠢ ᠪᠣᠯᠤᠯᠲᠠᠢ ᠃  ᠲᠡᠨᠡᠢᠲᠡᠯ᠎ᠡ ᠶᠠᠭᠤᠮ᠎ᠠ ᠴᠢᠬᠢᠴᠢᠭᠰᠡᠨ ᠢᠯᠭᠢᠨ ᠠᠷᠠᠰᠤᠨ ᠴᠢᠨᠳᠠᠭᠠᠰᠤ ᠶ᠋ᠢ ᠲᠡᠮᠡᠭᠡᠨ ᠳᠡᠭᠡᠷ᠎ᠡ ᠪᠡᠨ ᠠᠴᠢᠵᠠᠢ ᠃ ᠲᠡᠭᠦᠨ ᠦ᠌ ᠬᠠᠵᠠᠭᠤ ᠶ᠋ᠢᠨ ᠠᠮᠠᠰᠠᠷ ᠢ᠋ᠶ᠋ᠠᠷ ᠡᠯᠳᠡᠪ ᠦ᠋ᠨ ᠰᠠᠢᠬᠠᠨ ᠵᠢᠷᠤᠭᠲᠤ ᠰᠡᠳᠬᠦᠯ ᠂ ᠮᠣᠩᠭᠣᠯ ᠰᠣᠨᠢᠨ ᠤ᠋ ᠥᠨᠴᠥᠭ ᠬᠥᠪᠡᠭᠡ ᠦᠵᠡᠭᠳᠡᠨ᠎ᠡ ᠃ ᠬᠤᠷᠠᠭ᠎ᠠ ᠡᠭᠦᠷᠴᠦ ᠪᠠᠢᠬᠤ ᠪᠠᠷ ᠨᠢ ᠦᠵᠡᠪᠡᠯ ᠬᠣᠨᠢᠴᠢᠨ ᠶᠤᠮ ᠰᠢᠭ᠋ ᠂ ᠬᠤᠳᠠᠢ ᠰᠣᠨᠢᠨ ᠰᠡᠳᠬᠦᠯ ᠢ᠋ᠶ᠋ᠡᠷ ᠨᠢ ᠳᠠᠭᠠᠪᠠᠯ ᠰᠢᠤᠳᠠᠨᠴᠢ ᠴᠤ᠌ ᠶᠤᠮ ᠰᠢᠭ᠋ ᠃ ᠶᠠᠭᠤ ᠪᠣᠯᠤᠭᠰᠠᠨ ᠴᠤ᠌ ᠮᠢᠨᠦ ᠣᠴᠢᠬᠤ ᠬᠣᠲᠠ ᠳ᠋ᠤ᠌ ᠲᠡᠷᠡ ᠪᠠᠰᠠ ᠣᠴᠢᠬᠤ ᠲᠤᠯᠠ ᠪᠢ ᠲᠡᠭᠦᠨ ᠢ᠋ ᠳᠠᠭᠠᠨ ᠶᠠᠪᠤᠯ᠎ᠠ ᠃   
      《  ᠲᠠ ᠬᠣᠨᠢᠨ ᠳᠡᠭᠡᠷ᠎ᠡ ᠡᠴᠡ ᠢᠷᠡᠪᠡᠦ  》  
      《 ᠦᠭᠡᠢ! ᠳᠠᠭᠠᠷᠢᠭᠠᠳ ᠢᠷᠡᠬᠦ ᠳ᠋ᠦ᠍ ᠬᠣᠨᠢᠴᠢᠨ ᠭᠤᠸᠠᠢ ᠮᠢᠨᠢ ᠬᠤᠷᠠᠭ᠎ᠠ ᠲᠣᠰᠤᠭᠠᠳ ᠲᠡᠪᠡᠳᠡᠵᠦ ᠪᠠᠢᠬᠤ ᠲᠤᠯᠠ ᠨᠣᠢᠲᠠᠨ ᠬᠤᠷᠠᠭ᠎ᠠ ᠶ᠋ᠢ ᠨᠢ ᠪᠢ ᠵᠠᠮ ᠳᠠᠭᠠᠤ ᠳ᠋ᠠᠭᠠᠨ ᠬᠣᠲᠠ ᠳᠡᠭᠡᠷ᠎ᠡ ᠬᠦᠷᠭᠡᠵᠦ ᠥᠭᠬᠦᠶ᠎ᠡ ᠭᠡᠰᠡᠨ ᠶᠦ᠍ᠮ ᠠ᠋  》  
      《 ᠠ ᠂ ᠲᠠ ᠴᠢᠨᠢ ᠲᠡᠭᠡᠪᠡᠯ ᠰᠢᠤᠳᠠᠨᠴᠢ ᠤᠤ ? 》 
      《 ᠰᠠᠬᠢᠯᠲᠠᠢ ᠰᠢᠤᠳᠠᠨᠴᠢ ᠨᠢ ᠪᠢᠰᠢ ᠪᠣᠯᠪᠠᠴᠤ ᠰᠠᠢᠨ ᠳᠤᠷ᠎ᠠ ᠶ᠋ᠢᠨ ᠰᠢᠤᠳᠠᠨᠴᠢ ᠨᠢ ᠶᠤᠮ ᠠ᠋ ᠃ 》 
       ᠡᠨᠡ ᠦᠶ᠎ᠡ ᠳ᠋ᠦ᠍ ᠪᠢ ᠦᠭᠡᠨ ᠦ᠌ ᠡᠯᠭᠦᠮᠵᠢ ᠪᠡᠷ ᠯᠢ ᠡᠮᠴᠢ ᠶ᠋ᠢ ᠰᠤᠷᠠᠭᠯᠠᠬᠤ ᠭᠡᠲᠡᠯ᠎ᠡ ᠨᠣᠬᠠᠢ ᠬᠤᠴᠠᠬᠤ ᠳᠠᠭᠤ ᠰᠣᠨᠣᠰᠳᠠᠵᠤ ᠮᠠᠩᠬᠠᠨ ᠤ᠋ ᠳᠠᠯᠳᠠ ᠪᠦᠬᠦᠢ ᠭᠤᠷᠪᠠᠳᠤᠭᠠᠷ ᠬᠣᠲᠠ ᠳ᠋ᠤ᠌ ᠬᠦᠷᠴᠦ ᠢᠷᠡᠯ᠎ᠡ ᠃ ᠬᠡᠳᠦᠨ ᠠᠭᠰᠠᠭᠠᠷ ᠬᠠᠷ᠎ᠠ ᠨᠣᠬᠠᠢ ᠭᠦᠶᠦᠯᠴᠡᠨ ᠢᠷᠡᠭᠡᠳ ᠮᠣᠷᠢ ᠶ᠋ᠢ ᠬᠣᠷᠭᠣᠭᠠᠬᠤ ᠭᠡᠲᠡᠯ᠎ᠡ ᠲᠡᠮᠡᠭᠡᠲᠡᠢ ᠵᠠᠯᠠᠭᠤ ᠶ᠋ᠢ ᠵᠠᠩᠳᠤᠷᠤᠮᠠᠭᠴᠠ ᠡᠵᠡᠨ ᠳ᠋ᠡᠭᠡᠨ ᠡᠨᠳᠡᠭᠦᠷᠡᠨ ᠣᠷᠣᠭᠰᠠᠨ ᠢ᠋ᠶ᠋ᠠᠨ ᠮᠡᠳᠡᠭᠰᠡᠨ   ᠰᠢᠭ ᠰᠡᠭᠦᠯ ᠢ᠋ᠶ᠋ᠡᠨ ᠰᠢᠷᠪᠠᠭᠰᠠᠭᠠᠷ ᠢᠮ ᠵᠢᠮ ᠦᠭᠡᠢ ᠠᠰ ᠠᠰ ᠲᠠᠭᠠᠨ ᠳᠤᠲᠠᠭᠠᠯ᠎ᠠ ᠃ ᠨᠣᠬᠠᠢ ᠶ᠋ᠢᠨ ᠳᠠᠭᠤᠨ ᠢ᠋ᠶ᠋ᠠᠷ ᠭᠡᠷ ᠡᠴᠡᠭᠡᠨ ᠭᠦᠶᠦᠯᠴᠡᠨ ᠭᠠᠷᠴᠤ ᠢᠷᠡᠭᠰᠡᠨ ᠬᠣᠲᠠ ᠶ᠋ᠢᠨ ᠬᠡᠦᠬᠡᠳ ᠭᠡᠨᠡᠳᠲᠡ ᠪᠠᠶᠠᠷᠯᠠᠯᠳᠤᠨ ᠳᠠᠪᠬᠢᠯᠳᠤᠵᠤ ᠮᠥᠩᠭᠥᠨ ᠬᠤᠩᠬ᠎ᠠ ᠰᠢᠭ᠋ ᠵᠢᠩᠭᠢᠨᠡᠭᠰᠡᠨ ᠬᠣᠭᠣᠯᠠᠢ ᠪᠠᠷ ᠄  
          ᠬᠣᠩᠭᠣᠷ ᠬᠠᠯᠢᠭᠤᠨ ᠭᠠᠯᠠᠭᠤ ᠨᠢ 
          ᠬᠣᠢᠲᠤ ᠨᠠᠭᠤᠷ ᠲᠠᠭᠠᠨ ᠵᠤᠰᠠᠭᠠᠯᠲᠠᠢ ᠃  
          ᠬᠤᠨᠠᠨ ᠭᠠᠵᠠᠷ ᠤ᠋ᠨ ᠡᠮᠴᠢ ᠮᠢᠨᠢ  
          ᠮᠠᠯᠵᠢᠬᠤ ᠣᠷᠣᠨ ᠳ᠋ᠠᠭᠠᠨ ᠰᠠᠭᠤᠭᠠᠯᠢᠲᠠᠢ ᠃     
          ᠠᠯᠲᠠᠨ ᠴᠣᠮᠣᠷᠯᠢᠭᠲᠤ ᠯᠢᠩᠬᠤ᠎ᠠ ᠨᠢ   
          ᠠᠷᠤ ᠶ᠋ᠢᠨ ᠨᠠᠭᠤᠷ ᠲᠠᠭᠠᠨ ᠳᠡᠯᠭᠡᠭᠡᠰᠦᠲᠡᠢ ᠃   
          ᠠᠷᠠᠳ ᠤ᠋ᠨ ᠰᠠᠢᠨ ᠡᠮᠴᠢ ᠮᠢᠨᠢ 
          ᠠᠶᠠᠯᠠᠭᠤ ᠰᠢᠯᠦᠭ ᠲᠡᠭᠡᠨ ᠮᠠᠭᠲᠠᠭᠠᠯᠲᠠᠢ ᠭᠡᠵᠦ ᠳᠠᠭᠤᠯᠠᠯᠳᠤᠨ᠎ᠠ ᠃   
      ᠡᠭᠦᠨ ᠢ᠋ ᠰᠣᠨᠣᠰᠤᠮᠠᠭᠴᠠ ᠬᠣᠭᠣᠯᠠ ᠬᠢᠵᠦ ᠪᠠᠢᠭᠰᠠᠨ ᠡᠵᠢ ᠰᠢᠨᠠᠭ᠎ᠠ ᠪᠠᠨ ᠪᠠᠷᠢᠭᠰᠠᠭᠠᠷ ᠦᠢᠯᠡ ᠣᠶᠣᠵᠤ ᠪᠠᠢᠭᠰᠠᠨ ᠵᠠᠯᠠᠭᠤᠰ ᠵᠡᠭᠦᠦ ᠤᠲᠠᠰᠤ ᠪᠠᠨ ᠪᠠᠷᠢᠭᠰᠠᠭᠠᠷ ᠴᠥᠮ ᠡᠭᠦᠳᠡᠨ ᠳᠡᠭᠡᠷ᠎ᠡ ᠪᠡᠨ ᠭᠠᠷᠴᠤ ᠢᠷᠡᠭᠡᠳ ᠵᠠᠯᠠᠭᠤ ᠶ᠋ᠢ ᠲᠤᠰᠤᠨ᠎ᠠ ᠃ ᠪᠢ ᠮᠣᠷᠢ ᠪᠠᠨ ᠤᠶᠠᠭᠠᠨ ᠠᠴᠠ ᠤᠶᠠᠬᠤ ᠭᠡᠳ ᠲᠡᠮᠡᠭᠡᠲᠡᠢ ᠵᠠᠯᠠᠭᠤ ᠶ᠋ᠢᠨ ᠵᠢᠪᠠᠷ ᠤ᠋ᠨ ᠳᠣᠣᠷ᠎ᠠ ᠲᠠᠯ᠎ᠠ ᠳ᠋ᠤ᠌ ᠭᠠᠷᠬᠤ ᠳ᠋ᠤ᠌ ᠭᠡᠨᠡᠳᠲᠡ ᠮᠣᠩᠭᠣᠯ ᠡᠮ ᠤᠨ ᠵᠢᠭᠠᠷ ᠤ᠋ᠨ ᠦᠨᠦᠷ ᠦᠨᠦᠷᠲᠦᠯ᠎ᠡ ᠃ ᠶᠠᠭᠤᠨ ᠤ᠋ ᠰᠢᠯᠲᠠᠭᠠᠨ ᠢ᠋ ᠪᠤᠤ ᠮᠡᠳᠡ ᠂ ᠡᠮ ᠤᠨ ᠦᠨᠦᠷ ᠲᠦ᠍ ᠣᠭᠲᠣ ᠳᠤᠷ᠎ᠠ ᠦᠭᠡᠢ ᠨᠠᠳᠠ ᠳ᠋ᠤ᠌ ᠡᠨᠡ ᠡᠳᠦᠷ ᠤᠨ ᠦᠨᠦᠷ ᠣᠨᠴᠣᠭᠣᠢ ᠰᠠᠢᠬᠠᠨ ᠰᠠᠨᠠᠭᠳᠠᠨ᠎ᠠ ᠄ ᠬᠠᠭᠳᠠ ᠶ᠋ᠢ ᠲᠦᠯᠬᠢᠭᠰᠡᠨ ᠨᠣᠭᠣᠭᠠᠨ ᠤ᠋ ᠦᠨᠦᠷ ᠴᠦ᠍ ᠶᠤᠮ ᠰᠢᠭ ᠂ ᠰᠢᠷᠣᠢ ᠶ᠋ᠢ ᠤᠨᠲᠠᠯᠠᠭᠰᠠᠨ ᠪᠣᠷᠣᠭᠠᠨ ᠤ᠋ ᠦᠨᠦᠷ ᠴᠦ᠍  ᠶᠤᠮ ᠰᠢᠭ ᠂  ᠲᠠᠯ᠎ᠠ ᠶ᠋ᠢ ᠰᠡᠷᠭᠦᠭᠡᠭᠰᠡᠨ ᠬᠠᠪᠤᠷ ᠤ᠋ᠨ ᠦᠨᠦᠷ ᠴᠦ᠍  ᠶᠤᠮ ᠰᠢᠭ ᠃
       ᠦᠭᠡᠢ ᠂ ᠡᠨᠡ ᠴᠢᠨᠢ ᠬᠠᠷᠢᠨ ᠮᠣᠩᠭᠣᠯ ᠨᠤᠲᠤᠭ ᠲᠤ᠌ ᠦᠨᠳᠦᠰᠦ ᠬᠠᠳᠬᠤᠨ ᠦᠷᠡᠯᠡᠨ ᠳᠡᠯᠭᠡᠷᠡᠭᠰᠡᠨ ᠶᠣᠰᠣᠲᠠᠢ ᠰᠠᠢᠬᠠᠨ ᠠᠯᠢᠮ᠎ᠠ ᠶ᠋ᠢᠨ ᠦᠨᠦᠷ ᠪᠢᠰᠢ ᠶᠤᠮ  ᠦᠦ                                                                                                                              
                                               1964.9