ᠡᠷᠳᠡᠨᠢ ᠲᠤᠨᠤᠮᠠᠯ ᠨᠡᠷᠡᠲᠦ ᠰᠤᠳᠤᠷ ᠣᠷᠣᠰᠢᠪᠠ - 8 Эрдэнэ тунамал нэрт судар оршив - 8
ᠡᠷᠳᠡᠨᠢ ᠲᠤᠨᠤᠮᠠᠯ ᠨᠡᠷᠡᠲᠦ ᠰᠤᠳᠤᠷ ᠣᠷᠣᠰᠢᠪᠠ - 8
ᠬᠠᠮᠤᠭ ᠠᠮᠢᠳᠠᠨ᠎ᠠ ᠪᠣᠭᠳᠠ ᠱᠠᠰᠢᠨ ᠤ᠋ ᠨᠠᠷᠠᠨ ᠤ᠋ ᠤᠷᠭᠤᠭᠤᠯᠵᠤ ᠂
ᠭᠠᠢᠬᠠᠮᠰᠢᠭ ᠲᠤ ᠳ᠋ᠡᠭᠡᠳᠦ ᠬᠤᠪᠢ ᠳᠠᠨ ᠤ᠋ ᠣᠶᠤᠨ ᠤ᠋ ᠯᠢᠬᠠᠸᠠ ᠶ᠋ᠢ ᠳᠡᠯᠭᠡᠷᠡᠭᠦᠯᠵᠦ ᠂
ᠬᠠᠯᠠᠭᠠᠷ ᠭᠤᠷᠪᠠᠨ ᠰᠢᠲᠦᠭᠡᠨ ᠦ᠌ ᠰᠠᠯᠠᠭᠠᠨ ᠨᠠᠪᠴᠢᠰ ᠢ᠋ ᠠᠷᠪᠠᠨ ᠵᠦᠭ ᠲᠦ᠍ᠷ ᠲᠦᠭᠡᠭᠡᠵᠦ ᠂
ᠬᠠᠮᠤᠬᠠ ᠳᠠᠭᠤᠷᠢᠰᠪᠠᠢ ᠠᠯᠲᠠᠨ ᠨᠣᠮ ᠤ᠋ᠨ ᠬᠠᠭᠠᠨ ᠤ᠋ ᠨᠠᠷᠠ ᠠᠯᠳᠠᠷ ᠴᠠᠤ ᠪᠣᠯᠵᠤ ᠃
ᠶᠡᠬᠡ ᠬᠦᠴᠦᠲᠦ ᠴᠩᠷᠠᠸᠠᠷᠳᠢ ᠨᠣᠮ ᠤ᠋ᠨ ᠠᠯᠲᠠᠨ ᠬᠠᠭᠠᠨ ᠂
ᠶᠡᠷᠦ ᠶᠢᠷᠲᠢᠨᠴᠦ ᠨᠣᠮ ᠬᠣᠶᠠᠷ ᠤ᠋ᠨ ᠲᠥᠷᠥ ᠶ᠋ᠢ ᠲᠡᠭᠰᠢ ᠳᠤᠭᠤᠯᠤᠭᠠᠳ ᠂
ᠶᠡᠷᠦ ᠬᠣᠲᠠᠯᠠ ᠪᠦᠭᠦᠳᠡ ᠶ᠋ᠢ ᠡᠩᠬᠡ ᠨᠤᠲᠠ ᠵᠢᠷᠭᠠᠭᠤᠯᠤᠭᠠᠳ
ᠶᠡᠭᠦᠳᠬᠡᠵᠦ ᠮᠥᠩᠬᠡ ᠪᠤᠰᠤ ᠶ᠋ᠢᠨ ᠴᠠᠭ ᠢ᠋ ᠦᠵᠦᠭᠦᠯᠬᠦ ᠶ᠋ᠢᠨ ᠤᠷᠢᠳᠠ ᠪᠥᠭᠡᠳ ᠂
ᠲᠡᠭᠷᠢ ᠭᠠᠵᠠᠷ ᠤ᠋ᠨ ᠢᠷᠥ ᠴᠠᠭ ᠬᠤᠪᠢᠯᠵᠤ ᠂
ᠲᠡᠭᠷᠢ ᠭᠡᠭᠡᠨ ᠭᠡᠷᠡᠯ ᠳ᠋ᠦ᠍ ᠨᠠᠷᠠᠨ ᠰᠠᠷᠠᠨ ᠷᠠᠬᠤ ① ᠳ᠋ᠠ ᠵᠢᠭᠦᠷᠡ ᠪᠠᠷᠢᠭᠳᠠᠵᠤ᠂
ᠲᠡᠭᠷᠢ ᠯᠤᠤ ᠦᠯᠦ ᠳᠣᠩᠭᠣᠳᠬᠤ ᠴᠠᠭ ᠲᠤᠷ ᠳᠣᠩᠭᠣᠳᠴᠤ ᠂
— — — —
① ᠰᠠᠨᠰᠺᠷᠢᠲ ᠦᠭᠡ rahu ᠶᠢᠨ ᠠᠪᠢᠶᠠᠴᠢᠯᠠᠭᠰᠠᠨ ᠣᠷᠴᠢᠭᠤᠯᠭ᠎ᠠ ᠃ ᠪᠠᠰᠠ ᠷ ᠠ ᠾᠦ ᠭᠡᠵᠦ ᠪᠢᠴᠢᠬᠦ ᠴᠤ᠌ ᠪᠤᠢ᠃ ᠣᠳᠣᠨ ᠤ᠋ ᠨᠡᠷ᠎ᠡ ᠃ ᠳᠣᠮᠣᠭ ᠲᠤᠷ ᠥᠭᠦᠯᠡᠭᠰᠡᠨ ᠨᠢ ᠂ ᠲᠡᠷᠡ ᠨᠠᠷᠠᠨ ᠰᠠᠷᠠᠨ ᠤ᠋ ᠭᠬᠢᠷᠲᠦᠬᠦ ᠡᠰᠡᠬᠦ ᠶ᠋ᠢ ᠵᠠᠬᠢᠷᠤᠨ ᠮᠡᠳᠡᠬᠦ ᠪᠡᠷ ᠦᠯᠦ ᠪᠠᠷᠠᠮ ᠬᠥᠮᠦᠨ ᠠᠮᠢᠲᠠᠨ ᠢ᠋ ᠮᠢᠨᠴᠦᠭᠦᠷᠡᠭᠦᠯᠦᠭᠰᠡᠨ ᠬᠡᠪ ᠪᠠᠢᠳᠠᠯ ᠲᠠᠢ ᠪᠣᠯᠭᠠᠵᠤ ᠴᠢᠳᠠᠨ᠎ᠠ ᠭᠡᠨ᠎ᠡ ᠃
ᠳ᠋ᠡᠯᠡᠬᠡᠢ ᠭᠠᠵᠠᠷ ᠵᠢᠷᠭᠤᠭᠠᠨ ᠵᠦᠢᠯ ᠢ᠋ᠶ᠋ᠡᠷ ᠳᠡᠩᠰᠡᠯ ᠤᠨ ᠬᠥᠲᠥᠯᠵᠦ ᠂ ①
ᠡᠰᠡ ᠦᠵᠡᠭᠳᠡᠭᠰᠡᠨ ᠰᠡᠭᠦᠯ ᠲᠠᠨ ᠤᠳᠠᠬ᠎ᠠ ᠲᠠᠨ ᠣᠳᠣᠳ ᠣᠷᠭᠣᠭᠠᠳ ᠂
ᠡᠯ᠎ᠡ ᠬᠡᠢ ᠬᠤᠷ᠎ᠠ ᠴᠠᠭ ᠢ᠋ᠶ᠋ᠠᠷ ᠵᠡᠷᠭᠡ ᠪᠡᠷ ᠦᠯᠦ ᠣᠷᠣᠨ ᠭᠠᠩᠳᠠᠭᠠᠳ ᠂
ᠡᠲᠡᠭᠡᠳ ᠵᠤᠳ ᠲᠤᠷᠠᠬᠠᠨ ᠪᠣᠯᠵᠤ ᠣᠳᠣᠳ ᠵᠢᠭᠦᠷᠡ ᠤᠨᠠᠭᠠᠳ ᠂
ᠡᠯᠳᠡᠪ ᠵᠦᠢᠯᠲᠦ ᠮᠠᠭᠤᠢ ᠢᠷᠣ᠎ᠠ ᠵᠡᠭᠦᠳᠦᠨ ᠪᠡᠯᠭᠡ ᠣᠯᠠᠨ ᠪᠣᠯᠤᠭᠠᠳ ᠂
ᠬᠠᠮᠤᠭ ᠶᠡᠬᠡ ᠤᠯᠤᠰ ᠤ᠋ᠨ ᠰᠡᠳᠬᠢᠯ ᠦᠯᠦ ᠨᠠᠮᠤᠨ ᠠᠲᠠᠯ᠎ᠠ ᠴᠠᠭᠠᠨ ᠮᠣᠭᠠᠢ ᠵᠢᠯ ② ᠳ᠋ᠦ᠍ᠷ ᠂
ᠬᠠᠲᠤᠨ ᠤ᠋ ᠭᠣᠣᠯ ᠳ᠋ᠤᠷ ᠬᠥᠬᠡᠯᠡᠷ ᠰᠠᠷ᠎ᠠ ᠶ᠋ᠢᠨ ᠠᠷᠪᠠᠨ ᠶᠢᠰᠦᠨ᠎ᠡ ᠪᠠᠷᠰ ᠡᠳᠦᠷ ③ ᠲᠣᠷ ᠂
— — — —
① ᠬᠥᠳᠡᠯᠭᠦᠢ ᠂ ᠣᠷᠭᠢᠯᠬᠤᠢ ᠂ ᠳᠣᠯᠭᠢᠰᠬᠤᠢ ᠂ ᠮᠥᠷᠭᠥᠯᠳᠦᠬᠦᠢ ᠂ ᠬᠦᠷᠬᠢᠷᠡᠬᠦᠢ᠂ ᠳᠡᠯᠪᠡᠷᠡᠬᠦᠢ ᠵᠡᠷᠭᠡ ᠵᠢᠷᠭᠤᠭᠠᠨ ᠵᠦᠢᠯ ᠦ᠋ᠨ ᠬᠥᠳᠡᠯᠦᠯ ᠢ᠋ᠶ᠋ᠡᠷ ᠭᠠᠵᠠᠷ ᠬᠥᠳᠡᠯᠬᠦ ᠶ᠋ᠢ ᠥᠭᠦᠯᠡᠵᠦ ᠪᠣᠢ ᠃
② ᠴᠠᠭᠠᠨ ᠡᠮ᠎ᠡ ᠮᠣᠭᠠᠢ ᠵᠢᠯ ᠂ ᠶᠠᠨ ᠯᠢ ᠶ᠋ᠢᠨ ᠶᠢᠰᠦᠳᠦᠭᠡᠷ ᠣᠨ ( 1581 ᠣᠨ ) ᠃
③ ( ᠶᠠᠨ ᠯᠢ ᠦ ᠬᠦᠩ ᠯᠦ᠍ ) ᠪᠢᠴᠢᠭ ᠲᠡᠬᠢ ᠠᠯᠲᠠᠨ ᠤ᠋ ᠴᠡᠷᠢᠭ ᠲᠦ᠍ ᠥᠭᠦᠯᠡᠭᠰᠡᠨ ᠨᠢ ᠂ ᠠᠯᠲᠠᠨ ᠸᠠᠨ ᠯᠢ ᠶ᠋ᠢᠨ ᠶᠢᠰᠦᠳᠦᠭᠡᠷ ᠣᠨ ᠤ᠋ ᠠᠷᠪᠠᠨ ᠬᠣᠶᠠᠷ ᠰᠠᠷ᠎ᠠ ᠶ᠋ᠢᠨ ᠠᠷᠪᠠ ᠶᠢᠰᠦᠨ ᠦ ᠡᠳᠦᠷ ᠬᠠᠯᠢᠪᠠᠢ ᠭᠡᠳᠡᠭ ᠂ ᠡᠨᠡ ᠨᠢ ᠲᠤᠰ ᠪᠢᠴᠢᠭ ᠲᠡᠬᠢ ᠲᠡᠮᠳᠡᠭᠯᠡᠯ ᠯᠦ᠍ᠭᠡ ᠨᠡᠢᠴᠡᠮᠦᠢ ᠃ (ᠮᠢᠩ ᠱᠢ ) ᠪᠢᠴᠢᠭ ᠲᠡᠬᠢ ᠲᠠᠲ᠋ᠠᠷ ᠤ᠋ᠨ ᠨᠠᠮᠲᠠᠷ ᠲᠤ᠌ ᠲᠡᠮᠳᠡᠭᠯᠡᠭᠰᠡᠨ ᠨᠢ : 《 ᠠᠷᠪᠠᠳᠤᠭᠠᠷ ᠣᠨ ᠤ᠋ ᠬᠠᠪᠤᠷ ᠠᠯᠲᠠᠨ ᠨᠠᠰᠤᠨ ᠨᠥᠭᠴᠢᠭᠰᠡᠨ ᠳ᠋ᠦ᠍ ᠂ ᠬᠠᠭᠠᠨ ᠳᠣᠯᠣᠭᠠᠨ ᠵᠦᠢᠯ ᠦ᠋ᠨ ᠲᠠᠬᠢᠯᠭ᠎ᠠ ᠬᠦᠷᠲᠡᠭᠡᠵᠦ ᠂ ᠲᠣᠷᠭ᠎ᠠ ᠬᠡᠮᠡᠷᠯᠢᠭ ᠳᠣᠲᠣᠷ ᠭᠠᠳᠠᠷ ᠲᠤ᠌ ᠠᠷᠪᠠᠨ ᠪᠦᠬᠦᠯᠢ ᠂ ᠪᠥᠰ ᠪᠠᠷᠠᠭ᠎ᠠ ᠵᠠᠭᠤᠨ ᠪᠦᠬᠦᠯᠢ ᠥᠭᠴᠦ ᠲᠣᠬᠣᠨᠢᠭᠤᠯᠤᠯ ᠦᠵᠡᠭᠦᠯᠪᠡᠢ 》 ᠭᠡᠳᠡᠭ ᠃ ᠵᠠᠷᠢᠮ ᠡᠷᠳᠡᠮᠲᠡᠨ ᠡᠨᠡᠬᠦ ᠲᠡᠮᠳᠡᠭᠯᠡᠯ ᠢ᠋ ᠦᠨᠳᠦᠰᠦᠯᠡᠨ ᠠᠯᠲᠠᠨ ᠬᠠᠭᠠᠨ ᠢ᠋ ᠸᠠᠨ ᠯᠢ ᠶ᠋ᠢᠨ ᠠᠷᠪᠠᠳᠤᠭᠠᠷ ᠣᠨ (1582) ᠲᠤ᠌ ᠨᠠᠰᠤᠨ ᠨᠥᠭᠴᠢᠪᠡ ᠭᠡᠵᠦ ᠪᠣᠢ ᠃ ᠠᠷᠪᠠᠳᠤᠭᠠᠷ ᠣᠨ ᠤ᠋ ᠬᠠᠪᠤᠷᠠ ᠭᠡᠳᠡᠭ ᠨᠢ ᠳᠡᠢᠮᠢᠩ ᠤᠯᠤᠰ ᠤ᠋ᠨ ᠬᠠᠭᠠᠨ ᠡᠯᠴᠢ ᠲᠣᠮᠢᠯᠠᠨ ᠲᠠᠬᠢᠯᠭ᠎ᠠ ᠡᠷᠭᠦᠭᠰᠡᠨ ᠣᠨ ᠵᠢᠯ ᠪᠣᠯᠬᠤ ᠠ᠋ᠴᠠ ᠪᠤᠰᠤ ᠬᠠᠷᠢᠨ ᠠᠯᠲᠠᠨ ᠬᠠᠭᠠᠨ ᠤ᠋ ᠨᠠᠰᠤᠨ ᠨᠥᠭᠴᠢᠭᠰᠡᠨ ᠣᠨ ᠪᠤᠰᠤ ᠪᠢᠯᠡ ᠃
ᠬᠠᠨ ᠡᠵᠡᠨ ᠳ᠋ᠡᠯᠡᠨ ᠭᠡᠳᠦ ᠲᠠᠪᠤᠨ ᠨᠠᠰᠤᠨ ᠳ᠋ᠤᠷ ᠢ᠋ᠶ᠋ᠠᠨ ᠲᠠᠬᠢᠶ᠎ᠠ ᠴᠠᠭ ᠲᠤᠷ ᠂
ᠭᠠᠢᠬᠠᠮᠰᠢᠭ᠋ ᠪᠤᠷᠬᠠᠨ ᠤ᠋ ᠰᠠᠭᠤᠳᠠᠯ ᠢ᠋ᠶ᠋ᠠᠷ ᠰᠠᠭᠤᠵᠤ ᠲᠡᠭᠷᠢ ᠶ᠋ᠢᠨ ᠭᠠᠵᠠᠷ᠎ᠠ ᠥᠭᠡᠳᠡ ᠪᠣᠯᠤᠭᠰᠠᠨ ᠴᠠᠭ ᠲᠤᠷ ᠂
ᠲᠡᠳᠦᠢ ᠬᠠᠲᠤᠨ ᠵᠥᠩᠭᠢᠨ ᠪᠠ ᠬᠠᠭᠠᠨ ᠤ᠋ ᠬᠥᠪᠡᠭᠦᠳ ᠥᠬᠢᠳ ᠪᠦᠭᠦᠳᠡᠭᠡᠷ ᠂
ᠲᠡᠭᠰᠢ ᠬᠠᠮᠤᠭ ᠶᠡᠬᠡ ᠤᠯᠤᠰ ᠭᠠᠰᠠᠯᠤᠨ ᠰᠢᠨᠠᠯᠤᠨ ᠡᠨᠡᠯᠭᠡᠭᠳᠡᠵᠦ ᠬᠡᠪᠲᠡᠬᠦᠢ ᠳ᠋ᠦ᠍ᠷ ᠂
ᠲᠡᠷᠡ ᠴᠠᠭ ᠲᠤᠷ ᠮᠠᠨᠵᠤᠰᠢᠷᠢ ᠬᠤᠲᠤᠭ ᠲᠤ ᠥᠪᠡᠷ ᠦ᠋ᠨ ᠪᠡᠶ᠎ᠡ ᠪᠡᠷ ᠭᠡᠭᠡᠨ ᠰᠦᠨᠡᠰᠦᠨ ᠢ᠋ ᠢᠨᠤ ᠂
ᠳᠡᠭᠡᠳᠦ ᠲᠥᠷᠥᠯ ᠦ᠋ᠨ ᠲᠣᠨᠢᠯᠬᠤᠢ ᠲᠥᠪ ᠲᠣᠷ ᠤᠳᠤᠷᠢᠳ ᠤᠨ ᠵᠠᠯᠠᠵᠤ ᠂
ᠠᠬᠤᠢ ᠶᠡᠬᠡ ᠰᠤᠳᠤᠷ ᠳᠠᠨᠳᠠᠷᠢᠰ ᠤ᠋ᠨ ᠡᠭᠦᠳᠡᠨ ᠡᠴᠡ ᠢᠷᠦᠭᠡᠷᠢ ᠢᠷᠦᠭᠡᠵᠦ
ᠠᠰᠤᠷᠤ ᠮᠠᠰᠢ ᠨᠠᠶᠠᠨ ᠳᠥᠷᠪᠡᠨ ᠮᠢᠩᠭᠠᠨ ᠨᠣᠮ ① ᠤ᠋ᠨ ᠴᠣᠭᠴᠠᠰ ᠢ᠋ ᠳᠠᠭᠤᠷᠢᠰᠬᠠᠵᠤ ᠂
ᠠᠳᠬᠠᠭ ᠦᠭᠡᠢ ᠳᠥᠷᠪᠡᠨ ᠮᠠᠨᠳᠠᠯ ᠤ᠋ᠨ ᠤᠰᠤᠨ ᠢ᠋ᠶ᠋ᠠᠷ ᠤᠬᠢᠶᠠᠨ ᠪᠣᠯᠪᠠᠰᠤᠷᠠᠭᠤᠯᠵᠤ ᠂
ᠠᠷᠢᠭᠤᠨ ᠳᠡᠭᠡᠳᠦ ᠣᠷᠣᠨ ᠳ᠋ᠠᠬᠢ ᠲᠩᠷᠢ ᠶ᠋ᠢᠨ ᠭᠠᠵᠠᠷ᠎ᠠ ᠵᠢᠯᠤᠭᠠᠳᠤᠨ ᠵᠠᠯᠠᠵᠤ ᠂
ᠦᠯᠦ ᠮᠡᠳᠡᠬᠦᠢ ᠮᠤᠩᠬᠠᠭ ᠣᠶᠤᠲᠤ ᠤᠯᠤᠰ ᠡᠷᠬᠡᠨ ᠬᠣᠲᠠᠯᠠᠭᠠᠷ ᠂
— — — —
① ᠰᠢᠭᠡᠮᠦᠨᠢ ᠪᠤᠷᠬᠠᠨ ᠤ᠋ ᠨᠣᠮ ᠶᠣᠰᠣᠨ ᠤ᠋ ᠶᠡᠷᠦᠩᠬᠡᠢ ᠨᠡᠷᠡᠢᠳᠦᠯ ᠪᠣᠯᠤᠨ᠎ᠠ ᠃ ᠨᠠᠢ᠍ᠮᠠᠨ ᠲᠦᠮᠡᠨ ᠳᠥᠷᠪᠡᠨ ᠮᠢᠩᠭ᠎ᠠ ᠬᠡᠮᠡᠭᠴᠢ ᠨᠢ ᠲᠡᠭᠦᠨ ᠦ᠌ ᠲᠣᠭ᠎ᠠ ᠶ᠋ᠢᠨ ᠦᠯᠡᠮᠵᠢ ᠣᠯᠠᠨ ᠢ᠋ ᠥᠭᠦᠯᠡᠭᠰᠡᠨ ᠡᠴᠡ ᠪᠤᠰᠤ ᠬᠠᠷᠢᠨ ᠦᠨᠡᠨ ᠲᠣᠭ᠎ᠠ ᠪᠤᠰᠤ ᠪᠢᠯᠡ ᠃
ᠦᠷᠭᠦᠯᠵᠢ ᠮᠠᠰᠢ ᠭᠠᠰᠢᠭᠤᠳᠠᠵᠤ ᠭᠠᠰᠠᠯᠤᠨ ᠡᠮᠭᠡᠨᠢᠵᠦ ᠬᠡᠪᠲᠡᠬᠦᠢ ᠳ᠋ᠦ᠍ᠷ ᠂
ᠦᠯᠡᠮᠵᠢ ᠬᠠᠲᠤᠨ ᠵᠥᠩᠭᠢᠨ ᠬᠠᠳ ᠬᠥᠪᠡᠭᠦᠳ ᠥᠬᠢᠳ ᠦ᠋ᠨ ᠰᠡᠳᠬᠢᠯ ᠢ᠋ ᠰᠡᠷᠭᠦᠭᠡᠬᠦ ᠶ᠋ᠢᠨ ᠲᠤᠯᠠ ᠂
ᠥᠪᠡᠷ ᠦ᠋ᠨ ᠪᠡᠶ᠎ᠡ ᠪᠡᠷ ᠮᠡᠨᠵᠦᠰᠢᠷᠢ ᠬᠤᠲᠤᠭ ᠲᠤ ᠡᠢᠨ ᠭᠡᠮᠡᠨ ᠵᠠᠷᠯᠢᠭ ᠪᠣᠯᠵᠤ ᠠᠢᠯᠠᠳᠬᠠᠪᠠᠢ :
《 ᠬᠠᠮᠤᠭ ᠪᠦᠭᠦᠳᠡ ᠮᠥᠩᠬᠡ ᠪᠤᠰᠤ ᠶᠡᠭᠦᠳᠬᠡᠬᠦᠢ ᠮᠥᠨ ᠴᠢᠨᠠᠷ ᠲᠠᠨ ᠪᠤᠶᠤ ᠂
ᠬᠠᠮᠤᠭ ᠢ᠋ ᠮᠡᠳᠡᠭᠴᠢ ᠯᠡᠭᠰᠡᠨ ① ᠪᠡᠯᠭᠡ ᠲᠡᠭᠦᠰᠦᠭᠰᠡᠨ ᠪᠤᠷᠬᠠᠨ ᠪᠠᠭᠰᠢ ᠬᠢᠭᠡᠳ ᠂
ᠭᠠᠢᠬᠠᠮᠰᠢᠭ ᠲᠤ ᠡᠷᠲᠡᠨ ᠦ᠌ ᠴᠩᠷᠡᠸᠠᠷᠳᠢ ᠬᠠᠭᠠᠨ ᠢ᠋ᠶ᠋ᠠᠷ᠂
ᠬᠠᠭᠠᠴᠠᠵᠤ ᠮᠥᠩᠬᠡ ᠪᠤᠰᠤ ᠶ᠋ᠢᠨ ᠳᠦᠷᠢ ᠦᠵᠡᠭᠦᠯᠦᠭᠰᠡᠨ ᠠᠵᠤᠭᠤ ᠃
ᠡᠨᠡ ᠡᠵᠡᠨ ᠲᠠᠨ ᠤ᠋ ᠲᠡᠷᠡ ᠬᠦ᠌ ᠶᠣᠰᠣᠨ ᠢ᠋ ᠤᠬᠠᠭᠠᠳ ᠂
ᠡᠷᠭᠢᠨ ᠳᠡᠭᠡᠳᠦ ᠭᠤᠷᠪᠠᠨ ᠡᠷᠳᠡᠨᠢ ᠰᠢᠲᠦᠭᠰᠡᠨ ᠪᠥᠯᠥᠭᠡᠢ ᠃
ᠡᠷᠬᠡᠲᠦ ᠪᠣᠭᠳᠠ ᠡᠨᠡ ᠬᠠᠭᠠᠨ ᠲᠡᠢᠮᠦ ᠵᠣᠷᠢᠭ ᠢ᠋ ᠤᠬᠠᠪᠠᠰᠤ ᠂
ᠡᠷᠲᠡᠨ ᠦ᠌ ᠪᠣᠭᠳᠠ ᠠᠷᠰᠢ ② ᠨᠠᠷ ᠤ᠋ᠨ ᠬᠠᠭᠠᠨ ᠮᠡᠲᠦ ᠪᠤᠶᠤ !
ᠭᠡᠭᠡᠨ ᠰᠦᠨᠡᠰᠦᠨ ᠳ᠋ᠦ᠍ᠷ ᠢᠨᠤ ᠠᠴᠢ ᠲᠤᠰᠠ ᠲᠤ ᠂
— — — —
① ᠪᠠᠰᠠ ᠯᠠᠭᠰᠢᠨ ᠭᠡᠵᠦ ᠪᠢᠴᠢᠨ᠎ᠡ ᠂ ᠪᠤᠷᠬᠠᠨ ᠪᠠᠭᠰᠢ ᠶ᠋ᠢᠨ ᠪᠡᠶ᠎ᠡ ᠶ᠋ᠢᠨ ᠬᠦᠨᠳᠦᠳᠬᠡᠯ ᠨᠡᠷᠡᠢᠳᠦᠯ ᠪᠣᠯᠤᠨ᠎ᠠ ᠃
② ᠰᠠᠨᠰᠺᠷᠢᠲ ᠦᠭᠡ richi ᠶᠢ ᠠᠪᠢᠶᠠᠴᠢᠯᠠᠨ ᠣᠷᠴᠢᠭᠤᠯᠤᠭᠰᠠᠨ ᠦᠭᠡ ᠃ ᠪᠣᠭᠳᠠ ᠂ ᠮᠡᠷᠭᠡᠨ ᠭᠡᠬᠦ ᠤᠳᠬ᠎ᠠ ᠲᠠᠢ ᠃
ᠭᠡᠲᠦᠯᠭᠡᠭᠴᠢ ᠪᠤᠷᠬᠠᠨ ᠤ᠋ ᠨᠣᠮ ᠪᠤᠶᠠᠨ ᠢ᠋ ᠦᠢᠯᠡᠳᠦᠭᠡᠳ ᠂
ᠬᠡᠲᠦᠷᠬᠡᠶ᠎ᠡ ᠪᠠᠢᠭᠤᠯᠤᠭᠰᠠᠨ ᠲᠥᠷᠥ ᠶᠣᠰᠣᠨ ᠢ᠋ ᠢᠨᠤ ᠲᠦᠪᠰᠢᠨ ᠪᠠᠷᠢᠪᠠᠰᠤ ᠂
ᠭᠡᠮ ᠦᠭᠡᠢ ᠠᠴᠢ ᠬᠠᠷᠢᠭᠤᠯᠤᠭᠰᠠᠨ ᠲᠠᠨᠤ ᠲᠡᠷᠡ ᠪᠤᠶᠤ !》 ᠭᠡᠮᠡᠨ ᠵᠠᠷᠯᠢᠭ ᠪᠣᠯᠪᠠᠰᠤ
ᠬᠠᠲᠤᠨ ᠵᠥᠩᠭᠢᠨ ᠬᠠᠳ ᠬᠥᠪᠡᠭᠦᠳ ᠥᠬᠢᠳ ᠲᠦᠰᠢᠮᠡᠳ ᠥᠴᠥᠬᠡᠨᠡ ᠲᠡᠯᠤᠷᠠᠵᠤ ᠂
ᠭᠠᠪᠢᠶ᠎ᠠ ᠲᠤᠰᠠ ᠲᠤ ᠳᠣᠯᠣᠭᠠᠨ ᠳᠣᠯᠣᠭᠠᠨ ᠬᠣᠨᠣᠭ ① ᠲᠤᠷ ᠢᠨᠤ ᠂
ᠭᠠᠢᠬᠠᠮᠰᠢᠭ ᠳᠥᠷᠪᠡᠨ ᠵᠦᠢᠯ ᠪᠤᠷᠰᠠᠩ ᠬᠤᠸᠠᠷᠠᠭ ᠤ᠋ᠳ ᠤ᠋ᠨ ᠴᠢᠭᠤᠯᠭᠠᠨ ᠢ᠋ᠶ᠋ᠠᠷ ᠂
ᠬᠠᠮᠤᠭ ᠢ᠋ᠶ᠋ᠠᠷ ᠳᠥᠷᠪᠡᠨ ᠦᠨᠳᠦᠰᠦᠨ ᠦ᠌ ᠶᠡᠬᠡ ᠬᠥᠯᠭᠡᠨ ᠦ᠌ ᠨᠣᠮ ᠤ᠋ᠳ ᠢ᠋ ᠤᠩᠰᠢᠭᠤᠯᠪᠠᠢ ᠃
ᠨᠠᠢ᠍ᠮᠠᠨ ᠲᠦᠮᠡᠨ ᠳᠥᠷᠪᠡᠨ ᠮᠢᠩᠭᠠᠨ ᠨᠣᠮ ᠤ᠋ᠨ ᠴᠣᠭᠴᠠᠰ ᠪᠠ
ᠨᠠᠰᠤᠳᠠ ᠳᠠᠬᠢᠬᠤᠢ ᠮᠠᠭᠲᠠᠬᠤᠢ ᠮᠥᠷᠭᠥᠬᠦᠢ ᠨᠠᠮᠠᠨᠴᠢᠯᠠᠬᠤᠢ ᠢᠷᠦᠭᠡᠬᠦᠢ ᠪᠠ
ᠨᠡᠢᠲᠡ ᠳᠣᠯᠣᠭᠠᠨ ᠳᠣᠯᠣᠭᠠᠨ ᠬᠣᠨᠣᠭ ᠤ᠋ᠨ ᠦᠶ᠎ᠡ ᠵᠠᠪᠰᠠᠷ ᠲᠤᠷ ᠂
ᠨᠠᠷᠪᠠᠢ ᠶᠡᠬᠡ ᠤᠯᠤᠰ ᠢ᠋ᠶ᠋ᠠᠷ ᠲᠠᠰᠤᠷᠠᠯ ᠦᠭᠡᠢ ᠨᠣᠮ ᠤ᠋ᠳ ᠢ᠋ ᠤᠩᠰᠢᠭᠤᠯᠵᠤ ᠪᠦᠷ ᠦ᠋ᠨ ᠃
— — — —
① ᠪᠠᠰᠠ ᠳᠥᠴᠢ ᠶᠢᠰᠦᠨ ᠬᠣᠨᠣᠭ ᠭᠡᠳᠡᠭ ᠃ ᠪᠤᠷᠬᠠᠨ ᠤ᠋ ᠨᠣᠮ ᠳ᠋ᠤ᠌ ᠥᠭᠦᠯᠡᠭᠰᠡᠨ ᠨᠢ ᠂ ᠬᠥᠮᠦᠨ ᠨᠠᠰᠤ ᠡᠴᠦᠰᠯᠡᠭᠰᠡᠨ ᠦ᠌ ᠬᠣᠢᠨ᠎ᠠ ᠳᠥᠴᠢ ᠶᠢᠰᠦᠨ ᠬᠣᠨᠣᠭ ᠤ᠋ᠨ ᠳᠣᠲᠣᠷ᠎ᠠ ᠳᠠᠬᠢᠨ ᠲᠥᠷᠥᠯ ᠣᠯᠵᠤ ᠡᠰᠡ ᠴᠢᠳᠠᠨ᠎ᠠ ᠃ ᠬᠡᠷᠪᠡ ᠲᠡᠭᠦᠨ ᠳ᠋ᠦ᠍ ᠲᠥᠷᠥᠯ ᠣᠯᠭᠣᠰᠤᠭᠠᠢ ᠭᠡᠪᠡᠯ ᠲᠡᠭᠦᠨ ᠦ᠌ ᠲᠥᠷᠥᠯ ᠲᠥᠷᠥᠭᠰᠡᠳ ᠨᠢ ᠡᠨᠡ ᠬᠤᠭᠤᠴᠠᠭᠠᠨ᠎ᠠ ᠨᠠᠮᠠᠨᠴᠢᠯᠠᠨ ᠳᠠᠭᠠᠳᠬᠠᠵᠤ ᠳᠣᠯᠣᠭᠠᠨ ᠬᠣᠨᠣᠭ ᠪᠦᠷᠢ ᠳ᠋ᠦ᠍ ᠨᠢᠭᠡᠨ ᠤᠳᠠᠭ᠎ᠠ ᠪᠤᠶᠠᠨ ᠦᠢᠯᠡᠳᠬᠦ ᠬᠡᠷᠡᠭᠲᠡᠢ ᠭᠡᠨ᠎ᠡ ᠃
ᠪᠠᠷᠰ ᠢᠷᠪᠢᠰ ᠢ᠋ᠶ᠋ᠡᠷ ᠡᠭᠦᠳᠦᠭᠰᠡᠨ ᠤᠷᠲᠤ ᠭᠡᠷ ᠬᠢᠭᠡᠳ
ᠪᠢᠬᠮᠠ ᠴᠡᠩᠮᠡᠰ ᠢ᠋ᠶ᠋ᠡᠷ ᠡᠭᠦᠳᠦᠭᠰᠡᠨ ᠤᠷᠲᠤ ᠭᠡᠷ ᠪᠠ
ᠪᠠᠰᠠ ᠪᠠᠷ ᠬᠠᠳᠬᠤᠮᠠᠯ ᠮᠠᠩᠨᠤᠭ ᠬᠡᠮᠡᠷᠯᠢᠭ ᠢ᠋ᠶ᠋ᠡᠷ ᠡᠭᠦᠳᠦᠭᠰᠡᠨ ᠭᠡᠷ ᠪᠠ
ᠪᠠᠷᠠᠮᠢᠳ ᠥᠭᠯᠢᠭᠡ ᠲᠡᠷᠢᠭᠦᠲᠡᠨ ᠲᠣᠭᠠᠯᠠᠰᠢ ᠦᠭᠡᠢ ᠣᠯᠠᠨ ᠵᠦᠢᠯ ᠪᠠ ᠂
ᠠᠯᠲᠠᠨ ᠮᠥᠩᠭᠥᠨ ᠢ᠋ᠶ᠋ᠡᠷ ᠡᠭᠦᠳᠦᠭᠰᠡᠨ ᠬᠤᠶᠠᠭ ᠳᠤᠭᠤᠯᠠᠭ᠎ᠠ ᠰᠠᠭᠠᠳᠠᠭ ᠨᠤᠮᠤ ᠪᠠ ᠂
ᠠᠯᠲᠠᠨ ᠮᠥᠩᠭᠥᠨ ᠲᠣᠭ᠎ᠠ ᠲᠤᠯᠭ᠎ᠠ ᠳᠠᠪᠰᠢ ᠴᠠᠷ᠎ᠠ ᠬᠦᠬᠦᠷ ᠰᠠᠭᠤᠯᠠᠭ᠎ᠠ ᠯᠣᠩᠬᠣ ᠂
ᠠᠯᠲᠠᠨ ᠮᠥᠩᠭᠥᠨ ᠢ᠋ᠶ᠋ᠡᠷ ᠡᠭᠦᠳᠦᠭᠰᠡᠨ ᠠᠶᠠᠬᠠ ᠰᠢᠨᠠᠭ᠎ᠠ ᠲᠡᠷᠢᠭᠦᠲᠡᠨ ᠂
ᠠᠰᠤᠷᠤ ᠮᠠᠰᠢ ᠪᠤᠶᠠᠨ ᠤ᠋ ᠪᠠᠷᠠᠮᠢᠳ ᠢ᠋ ᠡᠯᠳᠡᠪ ᠵᠦᠢᠯ ᠡᠷᠳᠡᠨᠢ ᠬᠣᠲᠠᠯᠠ ᠪᠦᠭᠦᠳᠡ ᠶ᠋ᠢ ᠂
ᠬᠥᠮᠦᠨ ᠲᠡᠮᠡᠭᠡ ᠲᠡᠷᠢᠭᠦᠯᠡᠨ ᠠᠯᠲᠠᠨ ᠡᠮᠡᠭᠡᠯ ᠬᠠᠷᠵᠠᠭᠠᠷ ᠲᠤ ᠠᠭᠲᠠᠰ ᠢ᠋ ᠶᠢᠰᠦᠯᠡᠭᠦᠯᠵᠦ ᠂
ᠬᠥᠳᠡᠭᠡ ᠲᠠᠯ᠎ᠠ ᠳᠦᠭᠦᠷᠲᠡᠯ᠎ᠡ ᠵᠢᠷᠭᠤᠭᠠᠨ ᠬᠣᠰᠢᠭᠤ ᠮᠠᠯ ᠢ᠋ ᠴᠣᠭᠴᠠᠯᠠᠭᠤᠯᠵᠤ
ᠬᠦᠨᠳᠦᠯᠡᠵᠦ ᠮᠡᠨᠵᠦᠰᠢᠷᠢ ᠬᠤᠲᠤᠭ ᠲᠤ ᠡᠬᠢᠯᠡᠨ ᠬᠤᠸᠠᠷᠠᠭ ᠤ᠋ᠳ ᠲᠤᠷ ᠡᠷᠭᠦᠮᠵᠢᠯᠡᠵᠦ
ᠬᠥᠷ ᠶᠡᠬᠡ ᠤᠯᠤᠰ ᠢ᠋ᠶ᠋ᠠᠷ ᠲᠣᠭᠠᠯᠠᠰᠢ ᠦᠭᠡᠢ ᠴᠠᠭᠯᠠᠰᠢ ᠦᠭᠡᠢ ᠪᠤᠶᠠᠨ ᠢ᠋ ᠪᠠᠷᠢᠪᠠᠢ ᠠᠴᠢᠯᠠᠵᠤ ᠃
ᠠᠯᠲᠠᠨ ᠨᠣᠮ ᠤ᠋ᠨ ᠬᠠᠭᠠᠨ ᠳᠡᠭᠡᠳᠦ ᠲᠥᠷᠥᠯ ᠳ᠋ᠡᠭᠡᠨ ᠭᠠᠷᠤᠭᠰᠠᠨ ᠤᠴᠢᠷ ᠲᠤᠷ ᠂
ᠠᠷᠪᠠᠨ ᠬᠣᠶᠠᠷ ᠲᠦᠮᠡᠳ ᠲᠣᠷ ᠰᠠᠭᠤᠭᠰᠠᠨ ᠬᠥᠪᠡᠭᠦᠨ ᠠᠴᠢᠨᠠᠷ ᠢᠨᠤ ᠂
ᠠᠷᠢᠭᠤᠨ ᠲᠥᠷᠥᠯᠬᠢᠲᠦ ᠤᠶᠠᠨᠴᠤ ᠵᠥᠩᠭᠢᠨ ᠬᠠᠲᠤᠨ ᠲᠡᠷᠢᠭᠦᠲᠡᠨ ᠬᠣᠲᠠᠯᠠᠭᠠᠷ ᠂
ᠠᠰᠤᠷᠤ ᠮᠠᠰᠢ ᠪᠤᠶᠠᠨ ᠪᠠᠷᠠᠮᠢᠳ ᠢ᠋ ᠲᠣᠭᠠᠯᠠᠰᠢ ᠦᠭᠡᠢ ᠡᠷᠭᠦᠨ ᠦᠢᠯᠡᠳᠪᠡᠢ ᠃
ᠲᠠᠪᠤᠨ ᠥᠩᠭᠡ ᠤᠯᠤᠰ ᠢ᠋ᠶ᠋ᠠᠷ ᠪᠤᠶᠠᠨ ᠪᠠᠷᠠᠮᠢᠳ ᠢ᠋ ᠡᠷᠭᠦᠵᠦ ᠪᠠᠷᠢᠭᠠᠳ ᠂
ᠲᠠᠭᠠᠯᠠᠯ ᠢ᠋ᠶ᠋ᠠᠷ ᠳᠥᠴᠢᠨ ᠲᠦᠮᠡᠨ ᠮᠣᠩᠭᠣᠯ ᠤ᠋ᠨ ᠬᠠᠳ ᠨᠣᠶᠠᠳ ᠠᠯᠲᠠᠨ ᠤᠷᠤᠭ ᠢᠨᠤ ᠂
ᠲᠠᠰᠤᠷᠠᠯ ᠦᠭᠡᠢ ᠪᠤᠶᠠᠨ ᠪᠠᠷᠠᠮᠢᠳ ᠢ᠋ ᠵᠡᠷᠭᠡ ᠪᠡᠷ ᠦᠢᠯᠡᠳᠪᠡᠢ ᠃
ᠲᠡᠷᠡ ᠲᠣᠳᠣᠷ᠎ᠠ ᠬᠢᠲᠠᠳ ᠤ᠋ᠨ ᠲᠠᠢᠮᠢᠩ ᠬᠠᠭᠠᠨ ① ᠳᠠᠢᠳᠤ ᠲᠣᠳᠣᠷ᠎ᠠ ᠠ᠋ᠴᠠ
ᠥᠪᠡᠷ ᠦ᠋ᠨ ᠶᠡᠬᠡ ᠯᠠᠮᠠ ᠨᠠᠷ ᠢ᠋ᠶ᠋ᠠᠨ ᠲᠡᠷᠢᠭᠦᠯᠡᠨ ᠨᠣᠶᠠᠳ ᠢ᠋ ᠢᠯᠡᠭᠡᠵᠦ ᠂
ᠦᠯᠡᠮᠵᠢ ᠪᠣᠭᠳᠠ ᠠᠯᠲᠠᠨ ᠬᠠᠭᠠᠨ ᠤ᠋ ᠭᠡᠭᠡᠨ ᠰᠦᠨᠡᠰᠦᠨ ᠳ᠋ᠦ᠍ᠷ ᠢᠨᠤ ᠲᠤᠰᠠᠲᠤ ᠳᠣᠯᠣᠭᠠᠨ ᠲᠠᠬᠢᠯ ᠪᠠ ᠂
ᠦᠨ᠎ᠡ ᠳᠡᠨ ᠴᠠᠭᠯᠠᠰᠢ ᠦᠭᠡᠢ ᠡᠯᠳᠡᠪ ᠵᠦᠢᠯ ᠡᠷᠳᠡᠨᠢ ᠡᠳ᠋ ᠲᠠᠸᠠᠷ ᠥᠭᠴᠦ ᠢᠯᠡᠭᠡᠵᠦ ᠂
ᠦᠷᠭᠦᠯᠵᠢ ᠲᠠᠰᠤᠷᠠᠯ ᠦᠭᠡᠢ ᠬᠢᠲᠠᠳ ᠤ᠋ᠨ ᠶᠣᠰᠣᠭᠠᠷ ᠨᠣᠮ ᠪᠤᠶᠠᠨ ᠦᠢᠯᠡᠳᠪᠡᠢ ᠃
ᠳᠡᠢᠮᠢᠩ ᠂ ᠵᠥᠩᠭᠢᠨ ᠬᠠᠲᠤᠨ ᠡᠬᠢᠯᠡᠨ ᠲᠡᠭᠦᠨᠡᠷ ᠬᠥᠪᠡᠭᠦᠳ ᠤᠯᠤᠰ ᠲᠤᠷ ᠢᠨᠤ ᠂
ᠳᠠᠷᠤᠢ ᠳ᠋ᠤᠷ ᠰᠡᠳᠬᠢᠯ ᠢ᠋ ᠢᠨᠤ ᠰᠡᠷᠭᠦᠭᠡᠨ ᠭᠠᠰᠢᠭᠤᠨ ᠢᠨᠦ ᠬᠠᠷᠢᠳᠬᠠᠬᠤ ᠶ᠋ᠢᠨ ᠲᠤᠯᠠᠳᠠ ᠂
— — — —
① ᠲᠠᠢᠮᠢᠩ ᠤᠯᠤᠰ ᠤ᠋ᠨ ᠸᠠᠨ ᠯᠢ ᠬᠠᠭᠠᠨ ᠃
ᠲᠡᠬᠢ ᠪᠠᠰᠠ ᠨᠢᠭᠡᠨ ᠵᠢᠯ ᠦ᠋ᠨ ᠣᠭᠵᠣᠮ ᠴᠠᠭᠠᠨ ᠠᠭᠲᠠ ᠳ᠋ᠤ᠌ ᠰᠠᠩ ᠭᠠᠷᠭᠠᠵᠤ ᠥᠭᠭᠦᠨ ᠰᠡᠳᠬᠢᠯ ᠢ᠋ ᠰᠡᠷᠭᠦᠭᠡᠬᠦ ᠶ᠋ᠢᠨ ᠲᠤᠯᠠ ᠂
ᠳᠠᠢᠳᠤ ᠶᠡᠬᠡ ᠰᠠᠩ ᠨᠠᠷᠠ ᠡᠩ ᠦᠭᠡᠢ ᠭᠠᠷᠭᠠᠭᠠᠳ ᠰᠣᠶᠣᠷᠬᠠᠵᠤ ᠢᠯᠡᠭᠡᠭᠰᠡᠨ ᠪᠥᠯᠥᠭᠡ ᠃ ①
ᠳᠠᠷᠤᠢ ᠳ᠋ᠤᠷ ᠠᠯᠲᠠᠨ ᠨᠣᠮ ᠤ᠋ᠨ ᠬᠠᠭᠠᠨ ᠭᠡᠭᠡᠨ ᠬᠡᠭᠦᠷᠢ ᠢᠨᠤ ᠂
ᠲᠡᠨᠳᠡ ᠣᠩᠭᠣᠯᠠᠬᠤᠢ ᠭᠠᠵᠠᠷ ᠤ᠋ᠨ ᠰᠠᠢᠨ ᠮᠠᠭᠤᠢ ᠶ᠋ᠢ ᠢᠨᠤ ᠬᠢᠲᠠᠳ ᠤ᠋ᠨ ᠲᠣᠬᠤᠴᠢᠨ ᠪᠠ ᠂
ᠳᠡᠭᠡᠳᠦ ᠮᠠᠨᠵᠤᠰᠢᠷᠢ ᠬᠤᠲᠤᠭᠲᠤ ᠳᠠᠯᠠᠢ ᠯᠠᠮᠠ ᠪᠡᠶ᠎ᠡ ᠪᠡᠷ ᠪᠡᠯᠭᠡᠳᠡᠵᠦ ᠡᠷᠳᠡᠨᠢᠰ ᠦ᠋ᠨ ᠶᠣᠰᠣᠭᠠᠷ ᠂
ᠲᠡᠷᠡ ᠴᠠᠭ ᠲᠤᠷ ᠬᠠᠷᠠᠭᠤᠨ᠎ᠠ ᠬᠠᠨ ᠤ᠋ ᠥᠯᠭᠡ ᠳ᠋ᠦ᠍ᠷ ᠠᠨᠤ ᠤᠷᠲᠤ ᠬᠠᠷᠰᠢ ᠪᠣᠰᠬᠠᠵᠤ ᠣᠩᠭᠣᠯᠠᠪᠠᠢ ᠃
ᠵᠥᠩᠭᠡᠨ ᠬᠠᠲᠤᠨ ᠪᠤᠳᠠᠰᠣᠷᠢ ② ᠬᠣᠩ ᠲᠠᠢᠵᠢ ᠡᠬᠢᠯᠡᠨ ᠪᠠᠭᠰᠢ ᠨᠠᠷ ᠢ᠋ ᠰᠠᠢᠳ ᠪᠦᠭᠦᠳᠡᠭᠡᠷ ᠂
ᠵᠥᠪᠰᠢᠶᠡᠵᠦ ᠪᠠᠷᠠᠭᠤᠨ ᠡᠲᠡᠭᠡᠳ ᠬᠤᠲᠤᠭᠲᠤ ᠳᠠᠯᠠᠢ ᠯᠠᠮᠠ ᠳ᠋ᠤᠷ ᠪᠤᠶᠠᠨ ᠬᠦᠷᠭᠡᠭᠦᠯ ᠤᠨ ᠂
ᠵᠢᠪᠬᠤᠯᠠᠩ ᠲᠤ ᠬᠠᠨ ᠤ᠋ ᠲᠡᠭᠷᠢ ᠪᠣᠯᠤᠭᠰᠠᠨ ᠢ᠋ ᠤᠬᠠᠭᠤᠯᠤᠨ ᠰᠠᠲᠠᠢ ᠪᠠᠭᠰᠢ ᠲᠡᠷᠢᠭᠦᠯᠡᠨ
ᠵᠣᠬᠢᠰᠲᠠᠶᠠ ᠠᠯᠲᠠᠨ ᠮᠥᠩᠭᠥᠨ ᠮᠠᠨᠳᠠᠯ ᠡᠳ᠋ ᠲᠠᠸᠠᠷ ᠣᠯᠠᠨ ᠵᠦᠢᠯ ᠬᠡᠷᠡᠭᠯᠡᠭᠳᠡᠬᠦᠨ ᠢ᠋ ᠥᠭᠴᠦ ᠢᠯᠡᠭᠡᠪᠡᠢ ᠃
— — — —
① ᠶᠠᠨ ᠯᠢ ᠶ᠋ᠢᠨ ᠠᠷᠪᠠᠳᠤᠭᠠᠷ ᠣᠨ( 1582) ᠤ᠋ ᠲᠠᠪᠤᠳᠤᠭᠠᠷ ᠰᠠᠷ᠎ᠠ ᠂ ᠠᠯᠲᠠᠨ ᠬᠠᠭᠠᠨ ᠤ᠋ ᠵᠥᠩᠭᠡᠨ ᠬᠠᠲᠤᠨ ᠳᠠᠢᠮᠢᠩ ᠤᠯᠤᠰ ᠤ᠋ᠨ ᠬᠠᠭᠠᠨ ᠳ᠋ᠤ᠌ ᠠᠢᠯᠠᠳᠬᠠᠯ ᠡᠷᠭᠦᠨ ᠂ ᠠᠭᠲᠠ ᠮᠣᠷᠢ ᠶᠢᠰᠦ ᠪᠠᠷᠢᠵᠤ ᠲᠠᠯᠠᠷᠬᠠᠯ ᠢ᠋ᠶ᠋ᠠᠨ ᠢᠯᠡᠳᠬᠡᠪᠡ ᠃ ᠳᠡᠢᠮᠢᠩ ᠤᠯᠤᠰ ᠤ᠋ᠨ ᠬᠠᠭᠠᠨ ᠬᠠᠷᠢᠭᠤ ᠪᠣᠯᠭᠠᠨ ᠵᠥᠩᠭᠡᠨ ᠬᠠᠲᠤᠨ ᠲᠡᠭᠦᠨᠴᠢᠯᠡᠨ ᠠᠯᠲᠠᠨ ᠬᠠᠭᠠᠨ ᠤ᠋ ᠬᠥᠪᠡᠭᠦᠳ ᠰᠡᠩᠭᠡ ᠳᠦᠭᠦᠷᠡᠩ ᠬᠣᠩ ᠲᠠᠢᠵᠢ ᠂ ᠪᠤᠳᠠᠰᠢᠷᠢ ᠲᠠᠨ ᠳ᠋ᠤ᠌ ᠳᠡᠰ ᠢᠯᠭᠠᠨ ᠵᠣᠭᠣᠰ ᠮᠥᠩᠭᠥ ᠲᠣᠷᠭ᠎ᠠ ᠳᠤᠷᠳᠤᠩ ᠵᠡᠷᠭᠡ ᠶ᠋ᠢ ᠱᠠᠩᠨᠠᠵᠠᠢ᠃
② ᠪᠤᠳᠠᠰᠢᠷᠢ ᠶ᠋ᠢᠨ ᠪᠤᠷᠤᠭᠤ ᠪᠢᠴᠢᠯᠭᠡ ᠃
ᠳᠠᠷᠤᠢ ᠳ᠋ᠤᠷ ᠳᠠᠷᠬᠠᠨ ᠰᠡᠲᠡᠢ ᠪᠠᠭᠰᠢ ᠣᠳᠴᠤ ᠮᠣᠷᠢᠨ ᠵᠢᠯ᠎ᠡ ① ᠬᠦᠷᠦᠭᠡᠳ ᠂
ᠲᠡᠭᠰᠢ ᠬᠠᠮᠤᠭ ᠢ᠋ ᠮᠡᠳᠡᠭᠴᠢ ᠸᠴᠢᠷ᠎ᠠ ᠳ᠋ᡁᠠᠷᠠ ᠳᠠᠯᠠᠢ ᠯᠠᠮᠠ ᠶ᠋ᠢᠨ ᠭᠡᠭᠡᠨ ᠦ᠌ ᠡᠮᠦᠨ᠎ᠡ ᠂
ᠳ᠋ᠡᠭᠡᠳᠦ ᠬᠠᠭᠠᠨ ᠤ᠋ ᠲᠡᠭᠷᠢ ᠪᠣᠯᠤᠭᠰᠠᠨ ᠢ᠋ ᠠᠢᠯᠠᠳᠬᠠᠵᠤ ᠮᠡᠳᠡᠭᠦᠯᠵᠦ ᠪᠤᠶᠠᠨ ᠢ᠋ᠶ᠋ᠠᠨ ᠡᠷᠭᠦᠭᠡᠳ ᠂
ᠲᠡᠩᠰᠡᠯ ᠦᠭᠡᠢ ᠲᠤᠭᠤᠯᠤᠭᠰᠠᠨ ᠪᠣᠳᠢ ᠬᠤᠲᠤᠭ ᠤ᠋ᠨ ᠵᠦᠭ ᠲᠦ᠍ᠷ ᠢᠷᠦᠭᠡᠯᠭᠡᠪᠡᠢ ᠃
ᠬᠤᠲᠤᠭ ᠲᠤ ᠳᠠᠯᠠᠢ ᠯᠠᠮᠠ ᠪᠡᠯᠭᠡ ᠪᠢᠯᠢᠭ ᠦ᠋ᠨ ᠨᠢᠳᠦᠨ ᠢ᠋ᠶ᠋ᠡᠷ ᠦᠵᠡᠵᠦ ᠂
ᠬᠤᠪᠢᠯᠭᠠᠨ ᠠᠯᠲᠠᠨ ᠬᠠᠭᠠᠨ ᠤ᠋ ᠭᠡᠭᠡᠨ ᠰᠦᠨᠡᠰᠦᠨ ᠢ᠋ ᠢᠨᠤ ᠂
ᠬᠣᠲᠠᠯᠠ ᠪᠠᠶᠠᠰᠬᠤᠯᠠᠩ ᠲᠤ ᠲᠦᠰᠢᠳ② ᠲᠡᠭᠷᠢ ᠶ᠋ᠢᠨ ᠣᠷᠣᠨ ᠳ᠋ᠠᠬᠢ ᠂
ᠬᠤᠷᠳᠤᠨ᠎ᠠ ᠮᠠᠢᠳᠠᠷᠢ ᠪᠤᠷᠬᠠᠨ ᠤ᠋ ᠳᠡᠷᠭᠡᠳᠡ ᠲᠥᠷᠥᠭᠰᠡᠨ ᠢ᠋ ᠢᠨᠦ ᠤᠬᠠᠵᠤ ᠵᠠᠷᠯᠢᠭ ᠪᠣᠯᠪᠠᠢ ᠃
ᠡᠰᠷᠦᠨ ᠶᠡᠬᠡ ᠬᠦᠴᠦᠲᠦ ᠴᠡᠭᠷᠡᠸᠠᠷᠳᠢ ᠠᠯᠲᠠᠨ ᠬᠠᠭᠠᠨ ᠲᠡᠭᠷᠢ ᠪᠣᠯᠤᠭᠰᠠᠨ ᠤ᠋ ᠬᠣᠢᠨ᠎ᠠ ᠂
ᠡᠷᠭᠢᠨ ᠶᠡᠬᠡ ᠬᠥᠪᠡᠭᠦᠨ ᠢᠨᠤ ᠳᠦᠭᠦᠷᠡᠩ ᠰᠡᠩᠭᠡ ᠬᠣᠩ ᠲᠠᠢᠵᠢ
ᠡᠵᠡᠨ ᠪᠣᠭᠳᠠ ᠶ᠋ᠢᠨ ᠴᠠᠭᠠᠨ ᠭᠡᠷ ᠦ᠋ᠨ ᠡᠮᠦᠨ᠎ᠡ ᠡᠴᠡ ᠶᠡᠬᠡ ᠴᠣᠯᠠ ③ ᠶᠤᠭᠠᠨ ᠠᠪᠤᠭᠠᠳ ᠂
— — — —
① ᠬᠠᠷ᠎ᠠ ᠡᠷ᠎ᠡ ᠮᠣᠷᠢᠨ ᠵᠢᠯ ᠂ ᠶᠠᠨ ᠯᠢ ᠶ᠋ᠢᠨ ᠠᠷᠪᠠᠳᠤᠭᠠᠷ ᠣᠨ (1582)᠃
② ᠰᠠᠨᠰᠺᠷᠢᠲ ᠦᠭᠡ tus ita ᠶᠢᠨ ᠠᠪᠢᠶᠠᠴᠢᠯᠠᠭᠰᠠᠨ ᠣᠷᠴᠢᠭᠤᠯᠭ᠎ᠠ ᠂ ᠮᠠᠢᠳᠠᠷᠢ ᠪᠤᠷᠬᠠᠨ ᠤ᠋ ᠰᠠᠭᠤᠵᠤ ᠪᠠᠢᠬᠤ ᠲᠩᠷᠢ ᠣᠷᠣᠨ ᠢ᠋ ᠬᠡᠯᠡᠨ᠎ᠡ ᠃
③ᠳᠦᠭᠦᠷᠡᠩ ᠰᠡᠩᠭᠡ ᠬᠣᠩ ᠲᠠᠢᠵᠢ ᠬᠠᠭᠠᠨ ᠣᠷᠣ ᠵᠠᠯᠭᠠᠮᠵᠢᠯᠠᠭᠰᠠᠨ ᠤ᠋ ᠬᠣᠢᠨ᠎ᠠ ᠰᠡᠴᠡᠨ ᠬᠠᠭᠠᠨ ᠭᠡᠰᠡᠨ ᠴᠣᠯᠠ ᠣᠯᠪᠠ ᠃ ᠬᠢᠲᠠᠳ ᠪᠢᠴᠢᠭ ᠲᠦ᠍ ᠴᠢ ᠴᠢᠩ ᠬᠠ (乞庆哈) ᠭᠡᠵᠦ ᠲᠡᠮᠳᠡᠭᠯᠡᠭᠰᠡᠨ ᠨᠢ ᠳᠠᠷᠤᠢ ᠰᠡᠴᠡᠨ ᠬᠠᠭᠠᠨ ᠭᠡᠰᠡᠨ ᠢ᠋ ᠠᠪᠢᠶᠠᠴᠢᠯᠠᠨ ᠲᠡᠮᠳᠡᠭᠯᠡᠭᠰᠡᠨ ᠦᠭᠡ ᠪᠣᠯᠤᠨ᠎ᠠ ᠃
ᠡᠷᠬᠡᠲᠦ ᠠᠯᠲᠠᠨ ᠬᠠᠭᠠᠨ ᠡᠴᠢᠭᠡ ᠶᠦ᠍ᠭᠡᠨ ᠬᠠᠨ ᠣᠷᠣᠨ ᠳ᠋ᠤᠷ ᠬᠠᠷ᠎ᠠ ᠮᠣᠷᠢᠨ ᠵᠢᠯ᠎ᠡ ᠰᠠᠭᠤᠪᠠᠢ ᠃
ᠲᠡᠭᠦᠨ ᠦ᠌ ᠬᠣᠢᠨ᠋ᠨ ᠳᠦᠭᠦᠷᠡᠩ ᠬᠠᠭᠠᠨ ᠵᠥᠩᠭᠡᠨ ᠬᠠᠲᠤᠨ ᠬᠣᠲᠣᠯᠠ ᠂
ᠲᠡᠭᠰᠢ ᠬᠠᠮᠤᠭ ᠢ᠋ ᠮᠡᠳᠡᠭᠴᠢ ᠳ᠋ᠡᠯᠠᠢ ᠯᠠᠮᠠ ᠶ᠋ᠢ ᠵᠠᠯᠠᠬᠤ ᠶ᠋ᠢᠨ ᠲᠤᠯᠠᠳᠠ ᠂
ᠲᠡᠷᠡ ᠤᠴᠢᠷ ᠲᠤᠷ ᠣᠴᠢᠷᠠᠢ ᠭᠦᠶᠡᠩ ᠣᠷᠬᠣᠳᠠᠢ ᠳᠠᠢᠴᠢᠩ ᠡᠷᠳᠡᠨᠢ ᠮᠠᠨᠢ ᠡᠬᠢᠯᠡᠨ ᠂
ᠲᠡᠨᠳᠡᠴᠡ ᠪᠠᠷᠠᠭᠤᠨ ᠡᠲᠡᠭᠡᠳ ᠪᠠᠷᠠᠮᠢᠳ ᠥᠭᠯᠢᠭᠡ ᠶ᠋ᠢ ᠥᠭᠴᠦ ᠶᠠᠪᠤᠭᠤᠯᠪᠠᠢ ᠃
ᠢᠮᠠᠭᠲᠠ ᠬᠠᠭᠠᠨ ᠬᠠᠲᠤᠨ ᠤ᠋ ᠵᠠᠷᠯᠢᠭ ᠢ᠋ᠶ᠋ᠠᠷ ᠰᠠᠬᠠᠷᠠᠯ ᠦᠭᠡᠢ ᠲᠦᠷᠭᠡᠨ᠎ᠡ ᠶᠠᠪᠤᠵᠤ ᠂
ᠢᠯᠠᠭᠤᠭᠰᠠᠨ ᠽᠦᠩᠭᠡᠪᠠ ᠶ᠋ᠢᠨ ᠬᠤᠪᠢᠯᠭᠠᠨ ᠲᠥᠷᠥᠭᠰᠡᠨ ᠰᠭᠦᠮ ᠪᠤᠮ ᠬᠡᠮᠡᠬᠦ ᠰᠦᠮ᠎ᠡ ① ᠳ᠋ᠦ᠍ᠷ ᠵᠣᠯᠭᠠᠵᠤ ᠂
ᠢᠯᠠᠩᠭᠤᠶ᠎ᠠ ᠰᠢᠲᠦᠭᠡᠨ ᠦ᠌ ᠪᠡᠯᠡᠭ ᠪᠠᠷᠠᠮᠢᠳ ᠵᠠᠷᠯᠢᠭ ᠤ᠋ᠨ ᠪᠢᠴᠢᠭ ᠢ᠋ᠶ᠋ᠡᠨ ᠡᠷᠭᠦᠵᠦ ᠪᠠᠷᠢᠭᠠᠳ
ᠢᠷᠡᠭᠰᠡᠨ ᠵᠣᠷᠢᠭ ᠢ᠋ᠶ᠋ᠠᠨ ᠳ᠋ᠡᠯᠠᠢ ᠯᠠᠮᠠ ᠶ᠋ᠢᠨ ᠭᠡᠭᠡᠨ ᠳ᠋ᠦ᠍ᠷ ᠪᠦᠷᠢᠨ᠎ᠡ ᠵᠣᠬᠢᠰᠲᠠᠶᠠ ᠠᠢᠯᠠᠳᠬᠠᠭᠰᠠᠨ ᠳ᠋ᠤᠷ ᠂
— — — —
① ᠬᠥᠬᠡᠨᠠᠭᠤᠷ ᠮᠣᠵᠢ ᠶ᠋ᠢᠨ ᠬᠤᠸᠠᠩ ᠵᠦᠩ ᠰᠢᠶᠠᠨ ( 涅中县 ) ᠳ᠋ᠤ᠌ ᠪᠠᠢᠨ᠎ᠠ ᠃ ᠬᠢᠲᠠᠳ ᠢ᠋ᠶ᠋ᠡᠷ 塔尔寺 ᠭᠡᠳᠡᠭ ᠃ ᠡᠨᠡ ᠰᠦᠮ᠎ᠡ ᠪᠣᠯ ᠵᠢᠶᠠ ᠵᠢᠩ ᠦ᠋ᠨ ᠭᠤᠴᠢ ᠶᠢᠰᠦᠳᠦᠭᠡᠷ ᠣᠨ (1560 ) ᠳ᠋ᠤ᠌ ᠪᠠᠢᠭᠤᠯᠤᠭᠳᠠᠵᠤ ᠰᠢᠷ᠎ᠠ ᠶ᠋ᠢᠨ ᠱᠠᠰᠢᠨ ᠤ᠋ ᠠᠯᠳᠠᠷᠲᠤ ᠰᠦᠮ᠎ᠡ ᠬᠡᠢᠳ ᠦ᠋ᠨ ᠨᠢᠭᠡᠨ ᠪᠣᠯᠵᠠᠢ ᠃ ᠮᠥᠨ ᠪᠠᠰᠠᠬᠦ ᠰᠢᠷ᠎ᠠ ᠶ᠋ᠢᠨ ᠱᠠᠰᠢᠨ ᠢ᠋ ᠡᠭᠦᠰᠬᠡᠨ ᠭᠡᠢᠭᠦᠯᠦᠭᠴᠢ ᠬᠥᠮᠦᠨ - ᠽᠦᠩᠭᠡᠪᠠ ᠶ᠋ᠢᠨ ᠮᠡᠨᠳᠦᠯᠡᠭᠰᠡᠨ ᠣᠷᠣᠨ ᠪᠣᠯᠤᠨ᠎ᠠ ᠃ ᠤᠯᠠᠮᠵᠢᠯᠠᠯ ᠶᠠᠷᠢᠶᠠᠨ ᠢ᠋ ᠦᠨᠳᠦᠰᠦᠯᠡᠪᠡᠯ ᠂ᠽᠦᠩᠭᠡᠪᠠ ᠮᠡᠨᠳᠦᠯᠡᠭᠰᠡᠨ ᠦ᠌ ᠬᠣᠢᠨ᠎ᠠ ᠲᠡᠭᠦᠨ ᠦ᠌ ᠬᠦᠢᠰᠦ ᠡᠴᠡ ᠭᠠᠷᠤᠭᠰᠠᠨ ᠴᠢᠰᠤᠨ ᠠ᠋ᠴᠠ ᠨᠢᠭᠡᠨ ᠴᠠᠭᠠᠨ ᠽᠠᠨᠳᠠᠨ ᠮᠣᠳᠣ ᠤᠷᠭᠤᠵᠤ ᠨᠡᠢᠲᠡ ᠠᠷᠪᠠᠨ ᠲᠦᠮᠡᠨ ᠨᠠᠪᠴᠢ ᠲᠠᠢ ᠭᠡᠨ᠎ᠡ ᠂ ᠨᠠᠪᠴᠢᠰ ᠪᠦᠷᠢ ᠶ᠋ᠢᠨ ᠳᠡᠭᠡᠷ᠎ᠡ ᠰᠢᠭᠡᠮᠦᠨᠢ ᠶ᠋ᠢᠨ ᠨᠣᠮ ᠠᠢᠯᠠᠳᠴᠤ ᠪᠦᠬᠦᠢ ᠬᠥᠷᠥᠭ ᠪᠠᠢᠨ᠎ᠠ ᠭᠡᠵᠡᠢ ᠃ ᠲᠥᠪᠡᠳ ᠬᠡᠯᠡ ᠳᠡᠭᠡᠷ᠎ᠡ ᠡᠭᠦᠨ ᠢ᠋ ᠰᠬᠦᠮ ᠪᠤᠮ ᠭᠡᠵᠦ ᠥᠭᠦᠯᠡᠳᠡᠭ ᠨᠢ ᠠᠷᠪᠠᠨ ᠲᠦᠮᠡᠨ ᠪᠤᠷᠬᠠᠨ ᠤ᠋ ᠬᠥᠷᠥᠭ ᠭᠡᠰᠡᠨ ᠤᠳᠬ᠎ᠠ ᠲᠠᠢ ᠃
ᠵᠥᠪᠰᠢᠶᠡᠵᠦ ᠬᠤᠲᠤᠭ ᠲᠤ ᠳ᠋ᠡᠯᠠᠢ ᠯᠠᠮᠠ ᠢᠨᠠᠭ᠍ᠰᠢ ᠥᠭᠡᠳᠡ ᠪᠣᠯᠵᠤ ᠢᠷᠡᠬᠦᠢ ᠳ᠋ᠦ᠍ᠷ ᠂
ᠶᠣᠩᠯᠣᠨ ᠳ᠋ᠠᠬᠢ ᠺᠠᠷᠮ᠎ᠠ ᠯᠠᠮᠠ ᠡᠬᠢᠯᠡᠨ ᠣᠷᠳᠣᠰ ᠤ᠋ᠨ ᠨᠣᠶᠠᠳ ᠤᠭᠲᠤᠵᠤ ᠮᠥᠷᠭᠥᠭᠡᠳ ᠤᠷᠢᠵᠤ ᠪᠠᠭᠤᠯᠭᠠᠪᠠᠢ ᠃
ᠵᠣᠬᠢᠰᠲᠠᠶᠠ ᠥᠭᠯᠢᠭᠡ ᠪᠠᠷᠠᠮᠢᠳ ᠢ᠋ ᠡᠷᠭᠦᠨ ᠪᠠᠷᠢᠵᠤ ᠬᠦᠨᠳᠦᠯᠡᠨ ᠲᠠᠬᠢᠪᠠᠢ ᠃
ᠵᠢᠪᠬᠤᠯᠠᠩ ᠲᠤ ᠳ᠋ᠡᠯᠠᠢ ᠯᠠᠮᠠ ᠶ᠋ᠢ ᠢᠨᠠᠭᠰᠢ ᠥᠭᠡᠳᠡ ᠪᠣᠯᠵᠤ ᠢᠷᠡᠭᠰᠡᠨ ᠢ᠋ ᠰᠣᠨᠣᠰᠤᠭᠠᠳ ᠰᠡᠴᠡ ᠂
ᠳᠦᠭᠦᠷᠡᠩ ᠬᠠᠭᠠᠨ ᠵᠥᠩᠭᠡᠨ ᠬᠠᠲᠤᠨ ᠬᠣᠶᠠᠷ ᠵᠠᠷᠯᠢᠭ ᠪᠣᠯᠤᠭᠠᠳ ᠂
ᠳᠣᠯᠣᠭᠠᠨ ᠲᠦᠮᠡᠳ ᠦ᠋ᠨ ᠳᠠᠶᠤᠨ ᠬᠣᠩ ᠲᠠᠢᠵᠢ ① ᠶ᠋ᠢ ᠲᠡᠷᠢᠭᠦᠯᠡᠨ ᠤᠭᠲᠤᠭᠤᠯ ᠤᠨ ᠢᠯᠡᠭᠡᠵᠦ ᠂
ᠳᠣᠲᠣᠭᠠᠳᠤ ᠮᠣᠩᠭᠣᠯᠵᠢᠨ ᠠ᠋ᠴᠠ ᠠᠴᠢᠷᠠᠢ ᠬᠥᠰᠢ ᠳᠠᠯᠠᠢ ᠭᠦᠶᠡᠩ ᠲᠠᠨ ᠢ᠋ ᠮᠣᠷᠳᠠᠭᠤᠯᠵᠤ ᠂
ᠲᠤᠩ ᠶᠦᠩᠰᠢᠶᠠᠪᠤ ② ᠬᠠᠷᠠᠴᠢᠨ ᠠ᠋ᠴᠠ ᠬᠥᠰᠢ ᠮᠡᠳᠡᠭᠡᠴᠢᠨᠡ ᠲᠠᠪᠢᠲᠠᠢ ᠭᠦᠶᠡᠩ ᠳ᠋ᠠᠢ ᠤᠭᠲᠤᠭᠤᠯᠵᠤ ᠂
ᠲᠡᠳᠡᠭᠡᠷ ᠤᠭᠲᠤᠭᠤᠯ ᠡᠯᠴᠢᠰ ᠨᠣᠶᠠᠳ ᠣᠯᠠᠨ ᠢ᠋ ᠴᠠᠢᠵᠠ ᠨᠡᠷᠡᠲᠦ ᠭᠠᠵᠠᠷ᠎ᠠ ᠬᠦᠷᠴᠦ ᠂
ᠲᠡᠭᠰᠢ ᠬᠠᠮᠤᠭ ᠢ᠋ ᠮᠡᠳᠡᠭᠴᠢ ᠳ᠋ᠡᠯᠠᠢ ᠯᠠᠮᠠ ᠨᠢᠭᠦᠯᠡᠰᠬᠦᠢ ᠨᠢᠳᠦ ᠪᠡᠷ ᠦᠵᠡᠵᠦ ᠲᠦᠳᠡᠯ ᠦᠭᠡᠢ ᠥᠭᠡᠳᠡ ᠪᠣᠯᠪᠠᠢ ᠃
— — — —
① ᠳᠠᠶᠤᠨ ᠬᠣᠩ ᠲᠠᠢᠵᠢ ᠭᠡᠳᠡᠭ ᠨᠢ ᠡᠮᠦᠨ᠎ᠡ ᠬᠡᠰᠡᠭ ᠲᠦ᠍ ᠭᠠᠷᠤᠭᠰᠠᠨ ᠳᠠᠶᠤᠨ ᠨᠣᠶᠠᠨ ᠪᠣᠯᠤᠨ᠎ᠠ ᠃ ᠳᠣᠯᠣᠭᠠᠨ ᠳᠥᠮᠨᠥᠨ ᠠᠢᠮᠠᠭ ᠢ᠋ ᠮᠡᠳᠡᠵᠦ ᠰᠠᠭᠤᠭᠰᠠᠨ ᠤ᠋ ᠲᠤᠯᠠ ᠵᠠᠷᠢᠮ ᠬᠢᠲᠠᠳ ᠪᠢᠴᠢᠭ ᠲᠦ᠍ ᠲᠡᠭᠦᠨ ᠢ᠋ ᠳ᠋ᠦᠸᠧ ᠯᠦᠸᠧ ᠳ᠋ᠦ᠍ ᠮᠠᠨ (多罗土益 ) ᠭᠡᠵᠦ ᠪᠢᠴᠢᠳᠡᠭ ᠃
② ᠶᠡᠬᠡ ᠶᠦᠩᠰᠢᠶᠠᠪᠤ ᠭᠡᠰᠡᠨ ᠤᠳᠬ᠎ᠠ ᠲᠠᠢ ᠃ ᠵᠠᠷᠢᠮ ᠬᠢᠲᠠᠳ ᠪᠢᠴᠢᠭ ᠲᠦ᠍ 东水谢布 ᠭᠡᠵᠦ ᠪᠢᠴᠢᠬᠦ ᠨᠢ ᠲᠤᠩ ᠶᠦᠩᠰᠢᠶᠠᠪᠤ ᠭᠡᠰᠡᠨ ᠢ᠋ ᠠᠪᠢᠶᠠᠴᠢᠯᠠᠨ ᠲᠡᠮᠳᠡᠭᠯᠡᠭᠰᠡᠨ ᠡᠴᠡ ᠪᠤᠰᠤ ᠬᠠᠷᠢᠨ ᠵᠡᠭᠦᠨ ᠶᠦᠩᠰᠢᠶᠠᠪᠤ ᠭᠡᠰᠡᠨ ᠤᠳᠬ᠎ᠠ ᠪᠢᠰᠢ ᠶᠦ᠍ᠮ ᠃
ᠥᠭᠡᠳᠡ ᠪᠣᠯᠵᠤ ᠢᠷᠡᠨ ᠠᠲᠠᠯ᠎ᠠ ᠣᠷᠳᠣᠰ ᠤ᠋ᠨ ᠰᠡᠴᠡᠨ ᠬᠣᠩ ᠲᠠᠢᠵᠢ ᠵᠠᠯᠠᠪᠠᠢ ᠂
ᠥᠭᠯᠢᠭᠡ ᠶ᠋ᠢᠨ ᠡᠵᠡᠨ ᠲᠠᠬᠢᠯ ᠤ᠋ᠨ ᠣᠷᠣᠨ ᠬᠣᠶᠠᠷ ᠤ᠋ᠨ ᠰᠡᠳᠬᠢᠯ ᠲᠠᠭᠠᠯᠠᠯ ᠨᠠᠢᠷᠠᠯᠳᠤᠪᠠᠢ ᠂
ᠦᠯᠡᠮᠵᠢ ᠪᠤᠶᠠᠨ ᠪᠠᠷᠠᠮᠢᠳ ᠢ᠋ ᠲᠤᠭᠤᠯᠠᠰᠢ ᠦᠭᠡᠢ ᠴᠠᠭᠯᠠᠰᠢ ᠦᠭᠡᠢ ᠡᠷᠭᠦᠨ ᠪᠠᠷᠢᠪᠠᠢ ᠂
ᠦᠨᠡᠬᠡᠷ ᠡᠴᠢᠭᠡ ᠡᠬᠡ ᠲᠡᠷᠢᠭᠦᠲᠡᠨ ᠬᠠᠮᠤᠭ ᠠᠮᠢᠲᠠᠨ ᠢ᠋ ᠪᠣᠳᠢ ᠬᠤᠲᠤᠭ ᠤ᠋ᠨ ᠵᠦᠭ ᠢᠷᠦᠭᠡᠯᠭᠡᠪᠡᠢ ᠃
ᠬᠤᠲᠤᠭ ᠲᠤ ᠳᠠᠯᠠᠢ ᠯᠠᠮᠠ ᠠᠭᠤᠯᠵᠠᠵᠤ ᠂
ᠬᠤᠲᠤᠭ ᠲᠠᠢ ᠰᠡᠴᠡᠨ ᠬᠣᠩ ᠲᠠᠢᠵᠢ ᠦᠯᠡᠮᠵᠢ ᠮᠠᠰᠢ ᠰᠦᠰᠦᠯᠵᠦ ᠂
ᠬᠣᠲᠠᠯᠠ ᠰᠤᠳᠤᠷ ᠳᠠᠨᠳᠠᠷᠢᠰ ᠤ᠋ᠨ ᠡᠭᠦᠳᠡᠨ ᠡᠴᠡ ᠤᠳᠤᠷᠢᠭᠤᠯᠰᠤᠨ ᠤᠪᠠᠳᠢᠰ ᠠᠪᠢᠰᠢᠭ᠌ ᠢ᠋ ᠣᠯᠵᠤ ᠂
ᠬᠣᠲᠠᠯᠠᠭᠠᠷ ᠣᠷᠳᠣᠰ ᠲᠦᠮᠡᠨ ᠢ᠋ ᠱᠠᠰᠢᠨ ᠳ᠋ᠤᠷ ᠣᠷᠣᠭᠤᠯᠪᠠᠢ ᠵᠢᠯᠣᠭᠣᠳᠴᠤ ᠃
ᠲᠡᠳᠡᠭᠡᠷ ᠡᠯᠴᠢᠰ ᠢ᠋ᠶ᠋ᠡᠨ ᠬᠣᠢᠨ᠋ᠨ ᠠ᠋ᠴᠠ ᠬᠠᠭᠠᠨ ᠬᠠᠲᠤᠨ ᠬᠣᠶᠠᠭᠤᠯᠠ ᠪᠠᠰᠠ ᠪᠠᠷ ᠂
ᠳᠠᠶᠤᠨ ᠬᠢᠶ᠎ᠡ ᠂ ᠪᠣᠨᠪᠣ ᠰᠡᠨᠳᠢᠩ ᠲᠡᠷᠢᠭᠦᠲᠡᠨ ᠢ᠋ ᠤᠭᠲᠤᠭᠤᠯᠤᠨ ᠢᠯᠡᠭᠡᠪᠡᠢ ᠃
ᠲᠡᠷᠡ ᠡᠯᠴᠢᠰ ᠣᠷᠳᠣᠰ ᠢ᠋ᠶ᠋ᠠᠨ ᠰᠡᠴᠡᠨ ᠬᠣᠩ ᠲᠠᠢᠵᠢ ᠶ᠋ᠢᠨ ᠭᠡᠷ ᠲᠦ᠍ ᠰᠠᠭᠤᠬᠤᠢ ᠳ᠋ᠤᠷ ᠬᠦᠷᠴᠦ ᠂
ᠳᠠᠯᠠᠢ ᠯᠠᠮᠠ ᠶ᠋ᠢᠨ ᠭᠡᠭᠡᠨ᠎ᠡ ᠮᠥᠷᠭᠥᠵᠦ ᠢᠷᠡᠭᠰᠡᠨ ᠰᠢᠯᠲᠠᠭᠠᠨ ᠢ᠋ᠶ᠋ᠠᠨ ᠠᠢᠯᠠᠳᠬᠠᠭᠰᠠᠨ ᠳ᠋ᠤᠷ ᠵᠥᠪᠰᠢᠶᠡᠵᠦ ᠂
ᠪᠣᠳᠢᠰᠢᠲᠤ ᠬᠤᠲᠤᠭ ᠲᠤ ᠸᠴᠢᠷ᠎ᠠ ᠳ᠋ᡁᠠᠷᠠ ᠳᠠᠠᠯᠠᠢ ᠥᠭᠡᠳᠡ ᠪᠣᠯᠵᠤ ᠢᠷᠡᠨ ᠠᠲᠠᠯ᠎ᠠ ᠂
ᠪᠣᠭᠳᠠ ᠡᠵᠡᠨ ᠦ᠌ ᠴᠠᠭᠠᠨ ᠭᠡᠷ ᠢ᠋ ᠵᠢᠯᠤᠭᠠᠳᠤᠨ ᠵᠠᠯᠭᠠᠴᠢ
ᠪᠣᠰᠤᠭ ᠲᠤ᠌ ᠵᠢᠨᠦᠩ ①ᠣᠯᠠᠨ ᠪᠤᠯᠠᠭᠠᠰ ᠨᠡᠷᠡᠲᠦ ᠭᠠᠵᠠᠷ᠎ᠠ ᠵᠠᠯᠠᠵᠤ ᠂
ᠪᠤᠶᠠᠨ ᠪᠠᠷᠠᠮᠢᠳ ᠢ᠋ ᠴᠠᠭᠯᠠᠰᠢ ᠦᠭᠡᠢ ᠡᠷᠭᠦᠵᠦ ᠪᠦᠷ ᠦ᠋ᠨ ᠃
ᠶᠡᠷᠦ ᠡᠴᠢᠭᠡ ᠡᠬᠡ ᠪᠣᠯᠤᠭᠰᠠᠨ ᠬᠠᠮᠤᠭ ᠠᠮᠢᠲᠠᠨ ᠤ᠋ ᠲᠤᠰᠠ ᠶ᠋ᠢᠨ ᠲᠤᠯᠠ ᠂
ᠶᠡᠬᠡ ᠢᠷᠦᠭᠡᠷ ᠦᠯᠡᠮᠵᠢ ᠲᠠ ᠢᠷᠦᠭᠡᠯᠭᠡᠭᠡᠳ ᠂
ᠶᠡᠷᠦᠩᠬᠡᠢ ᠠᠮᠤᠷᠯᠢᠩᠭᠤᠢ ᠳᠡᠯᠭᠡᠷᠡᠩᠭᠦᠶᠡ ᠡᠷᠬᠡ ᠲᠣᠭᠰᠢᠨ ᠳᠥᠷᠪᠡᠨ ᠦᠢᠯᠡᠰ ᠦ᠋ᠨ ᠂
ᠶᠡᠷᠦ ᠳ᠋ᠠ ᠳ᠋ᠠᠭᠠᠨ ᠰᠣᠶᠣᠷᠬᠠᠬᠤᠢ ᠠᠪᠢᠰᠢᠭ᠌ ᠤᠳᠤᠷᠢᠭᠤᠯᠰᠤᠨ ᠣᠪᠢᠳᠢᠰ ᠢ᠋ ᠠᠪᠴᠤ ᠪᠦᠷ ᠦ᠋ᠨ ᠃
ᠴᠠᠭᠯᠠᠰᠢ ᠦᠭᠡᠢ ᠪᠤᠶᠠᠨ ᠦᠯᠡᠮᠵᠢ ᠳ᠋ᠠ ᠡᠷᠭᠦᠭᠡᠳ ᠂
ᠴᠠᠭᠠᠨ ᠬᠠᠲᠠᠢ ᠨᠡᠷᠡᠲᠦ ᠭᠠᠵᠠᠷ᠎ᠠ ᠦᠳᠡᠵᠦ ᠥᠭᠡᠳᠡ ᠪᠣᠯᠭᠠᠭᠠᠳ ᠂
ᠴᠠᠭ ᠦᠭᠡᠢ ᠰᠦᠰᠦᠭ ᠪᠢᠰᠢᠷᠡᠯ ᠢ᠋ ᠣᠯᠵᠤ ᠬᠦᠨᠳᠦᠯᠡᠭᠡᠳ ᠂
ᠴᠠᠭᠠᠨ ᠪᠤᠶᠠᠨ ᠤ᠋ ᠵᠦᠭ ᠲᠦ᠍ᠷ ᠣᠷᠣᠪᠠᠢ ᠣᠷᠳᠣᠰ ᠲᠦᠮᠡᠨ ᠃
ᠳᠠᠯᠠᠢ ᠯᠠᠮᠠ ᠢᠨᠠᠭᠰᠢ ᠥᠭᠡᠳᠡ ᠪᠣᠯᠵᠤ ᠢᠷᠡᠬᠦᠢ ᠤᠴᠢᠷ ᠲᠤᠷ ᠂
— — — —
① ᠮᠡᠷᠭᠡᠨ ᠵᠢᠨᠦᠩ ᠦ᠋ᠨ ᠬᠥᠪᠡᠭᠦᠨ ᠨᠣᠶᠠᠨᠲᠠᠷᠠ ᠵᠢᠨᠦᠩ ᠦ᠋ᠨ ᠠᠴᠢ ᠃ ᠸᠠᠨ ᠯᠢ ᠶ᠋ᠢᠨ ᠲᠠᠪᠤᠳᠤᠭᠠᠷ ᠣᠨ (1577 ) ᠳ᠋ᠤ᠌ ᠠᠷᠪᠠᠨ ᠭᠤᠷᠪᠠᠨ ᠨᠠᠰᠤᠨ᠎ᠠ ᠵᠢᠨᠦᠩ ᠣᠷᠣ ᠰᠠᠭᠤᠭᠠᠳ ᠂ ᠲᠢᠶᠠᠨ ᠮᠢᠩ (天命) ᠦ᠋ᠨ ᠳᠥᠲᠥᠭᠡᠷ ᠣᠨ (1624 ) ᠳ᠋ᠦ᠍ ᠨᠠᠰᠤᠨ ᠡᠴᠦᠰᠯᠡᠪᠡ ᠃
ᠳᠠᠷᠤᠢ ᠳ᠋ᠤᠷ ᠰᠣᠨᠣᠰᠴᠤ ᠳᠦᠭᠦᠷᠡᠩ ᠬᠠᠭᠠᠨ ᠵᠥᠩᠭᠡᠨ ᠬᠠᠲᠤᠨ ᠲᠡᠷᠢᠭᠦᠲᠡᠨ ᠂
ᠲᠡᠭᠰᠢ ᠠᠷᠪᠠᠨ᠂ ᠬᠣᠶᠠᠷ ᠲᠦᠮᠡᠳ ᠦ᠋ᠨ ᠶᠡᠬᠡ ᠪᠠᠬ᠎ᠠ ᠨᠣᠶᠠᠳ ᠢ᠋ ᠠᠪᠴᠤ ᠂
ᠲᠠᠬᠢᠶ᠎ᠠ ᠵᠢᠯ᠎ᠡ① ᠮᠣᠷᠳᠠᠵᠤ ᠬᠠᠲᠤᠨ ᠮᠥᠷᠡᠨ ᠢ᠋ ᠭᠡᠲᠦᠯᠵᠦ ᠤᠭᠲᠤᠭᠠᠳ ᠂
ᠬᠠᠲᠠᠢ ᠨᠡᠷᠡᠲᠦ ᠭᠠᠵᠠᠷ᠎ᠠ ᠪᠢᠯᠢᠭ ᠲᠦ᠍ ᠰᠠᠢᠨ ᠣᠷᠣᠨ ᠳ᠋ᠤᠷ ᠵᠣᠯᠭᠠᠯᠳᠤᠵᠤ ᠂
ᠬᠠᠮᠤᠭ ᠢ᠋ ᠮᠡᠳᠡᠭᠴᠢ ᠳᠠᠯᠠᠢ ᠯᠠᠮᠠ ᠶ᠋ᠢᠨ ᠭᠡᠭᠡᠨ ᠳ᠋ᠦ᠍ᠷ ᠪᠡᠯᠡᠭ ᠪᠠᠷᠠᠮᠢᠳ ᠢ᠋ᠶ᠋ᠠᠨ ᠡᠷᠭᠦᠵᠦ ᠂
ᠬᠠᠲᠤᠨ ᠲᠡᠷᠢᠭᠦᠯᠡᠨ ᠶᠡᠬᠡ ᠪᠠᠭ᠎ᠠ ᠨᠣᠶᠠᠳ ᠠᠮᠤᠭᠤᠯᠠᠩ ᠢ᠋ ᠠᠰᠬᠠᠵᠤ ᠂
ᠭᠠᠢᠬᠠᠮᠰᠢᠭ᠋ ᠲᠤ᠌ ᠲᠠᠬᠢᠯ ᠤ᠋ᠨ ᠣᠷᠣᠨ ᠥᠭᠯᠢᠭᠡ ᠶ᠋ᠢᠨ ᠡᠵᠡᠨ ᠪᠠᠶᠠᠰᠬᠤᠯᠠᠩ ᠢ᠋ᠶ᠋ᠠᠷ ᠠᠭᠤᠯᠵᠠᠯᠳᠤᠵᠤ ᠂
ᠪᠠᠶᠠᠰᠬᠤᠢ ᠪᠢᠰᠢᠷᠡᠬᠦᠢ ᠪᠡᠷ ᠬᠠᠭᠠᠨ ᠬᠠᠲᠤᠨ ᠬᠠᠮᠤᠭ ᠢ᠋ᠶ᠋ᠠᠷ ᠮᠥᠷᠭᠥᠵᠦ ᠰᠠᠭᠤᠬᠤᠢ ᠤᠴᠢᠷ ᠲᠤᠷ ᠂
ᠪᠠᠢᠬᠤᠨᠲᠠᠢ ᠬᠥᠨᠳᠡᠯᠡᠨ ᠬᠠᠭᠠᠨ ᠬᠥᠨᠳᠡᠯᠡᠨ ᠳᠠᠢᠴᠢᠩ② ᠲᠡᠷᠢᠭᠦᠲᠡᠨ ᠬᠠᠷᠠᠴᠢᠨ ᠲᠦᠮᠡᠨ ᠢ᠋ᠶ᠋ᠡᠷ ᠂
ᠪᠠᠭᠰᠢ ᠢᠯᠠᠭᠤᠭᠰᠠᠨ ᠳᠠᠯᠠᠢ ᠯᠠᠮᠠ ᠶ᠋ᠢ ᠵᠠᠯᠠᠵᠤ ᠤᠭᠲᠣᠬᠤᠢᠨ ᠲᠤᠯᠠ ᠬᠠᠲᠤᠨ ᠮᠥᠷᠡᠨ ᠦ᠌ ᠵᠠᠬ᠎ᠠ ᠳ᠋ᠤ᠌ ᠢᠷᠡᠵᠦ ᠂
ᠪᠠᠷᠠᠮᠢᠳ ᠥᠭᠯᠢᠭᠡ ᠲᠡᠷᠢᠭᠦᠲᠡᠨ ᠪᠡᠯᠡᠭ ᠢ᠋ᠶ᠋ᠠᠨ ᠡᠷᠭᠦᠵᠦ ᠠᠮᠤᠭᠤᠯᠠᠩ ᠢ᠋ ᠠᠰᠠᠭᠤᠨ ᠠᠭᠤᠯᠵᠠᠯᠳᠤᠪᠠᠢ ᠃
— — — —
① ᠬᠥᠬᠡ ᠡᠮ᠎ᠡ ᠲᠠᠬᠢᠶ᠎ᠠ ᠵᠢᠯ ᠂ ᠳᠠᠷᠤᠢ ᠸᠠᠨ ᠯᠢ ᠶ᠋ᠢᠨ ᠠᠷᠪᠠᠨ ᠭᠤᠷᠪᠠᠳᠤᠭᠠᠷ ᠣᠨ (1585 )᠃
② ᠪᠠᠢᠬᠤᠨᠲᠠᠢ ᠬᠥᠨᠳᠡᠯᠡᠨ ᠬᠠᠭᠠᠨ ᠤ᠋ ᠳᠡᠭᠦᠦ ᠂ ᠪᠠᠰᠠ ᠴᠢᠩ ᠪᠠᠭᠠᠲᠤᠷ ᠭᠡᠨ᠎ᠡ ᠃
ᠭᠤᠲᠠᠭᠠᠷ ① ᠬᠠᠭᠠᠨ ᠬᠠᠲᠤᠨ ᠲᠡᠷᠢᠭᠦᠲᠡᠨ ᠬᠠᠮᠤᠭ ᠪᠦᠭᠦᠳᠡᠭᠡᠷ ᠂
ᠭᠤᠷᠪᠠᠨ ᠲᠦᠮᠡᠨ ᠦ᠌ ᠬᠠᠳ ᠪᠣᠷᠵᠢᠭᠢᠳ ᠠᠯᠲᠠᠨ ᠤᠷᠤᠭ ᠢ᠋ᠶ᠋ᠠᠷ ᠬᠡᠯᠡᠯᠳᠦᠵᠦ ᠂
ᠬᠣᠲᠠᠯᠠ ᠶ᠋ᠢᠨ ᠡᠵᠡᠨ ᠭᠡᠭᠡᠨ ᠬᠠᠭᠠᠨ ᠤ᠋ ᠵᠠᠷᠯᠢᠭ ᠤ᠋ᠨ ᠶᠣᠰᠣᠭᠠᠷ ᠥᠭᠡᠳᠡ ᠪᠣᠯᠭᠠᠨ ᠂
ᠬᠤᠲᠤᠭ ᠲᠤ᠌ ᠳᠠᠯᠠᠢ ᠯᠠᠮᠠ ᠶ᠋ᠢ ᠬᠥᠬᠡ ᠬᠣᠲᠠ ᠳ᠋ᠤ᠌ ᠵᠠᠯᠠᠨ ᠠᠢᠯᠠᠳᠬᠠᠪᠠᠢ ᠃
ᠬᠠᠷᠠᠭᠤᠨ᠎ᠠ ᠬᠠᠨ ᠤ᠋ ᠥᠯᠭᠡ ᠳᠠᠬᠢ ᠦᠯᠡᠮᠵᠢ ᠴᠣᠭ ᠵᠢᠪᠬᠤᠯᠠᠩ ᠳ᠋ᠤ᠌ ᠂
ᠬᠠᠨ ᠡᠵᠡᠨ ᠦ᠌ ᠪᠠᠢᠭᠤᠯᠤᠭᠰᠠᠨ ᠬᠠᠰ ᠬᠥᠬᠡ ᠬᠣᠲᠠ ᠶ᠋ᠢᠨ ᠡᠮᠦᠨ᠎ᠡ ᠂
ᠬᠠᠮᠤᠭ ᠢ᠋ᠶ᠋ᠠᠷ ᠡᠯᠳᠡᠪ ᠵᠦᠢᠯ ᠲᠤᠭ ᠬᠢᠢ᠍ᠷ ᠰᠢᠭᠦᠷ ᠣᠷᠣᠩᠭ᠎ᠠ ᠬᠢᠭᠡᠳ ᠢ᠋ ᠪᠠᠢᠭᠤᠯᠵᠤ ᠂
ᠭᠠᠢᠬᠠᠮᠰᠢᠭ᠋ ᠲᠤ᠌ ᠵᠣᠣ ᠰᠢᠭᠢᠮᠣᠨᠢ ᠶ᠋ᠢᠨ ᠰᠦᠮ᠎ᠡ ᠳ᠋ᠦ᠍ᠷ ᠥᠭᠡᠳᠡ ᠪᠣᠯᠭᠠᠵᠤ ᠂
ᠡᠯᠳᠡᠪ ᠵᠦᠢᠯ ᠴᠠᠩ ᠭᠡᠩᠭᠡᠷᠡᠭᠡ ᠪᠦᠷᠢᠶ᠎ᠡ ᠪᠢᠰᠬᠢᠭᠦᠷ ᠦ᠋ᠨ ᠳᠠᠭᠤᠨ ᠢ᠋ ᠳᠠᠭᠤᠷᠢᠰᠬᠠᠵᠤ ᠂
ᠡᠷᠭᠢᠳᠦ ᠶ᠋ᠢᠨ ᠳᠣᠯᠣᠭᠠᠨ ᠡᠷᠳᠡᠨᠢ ᠨᠠᠢ᠍ᠮᠠᠨ ᠲᠠᠬᠢᠯ ᠲᠡᠷᠢᠭᠦᠲᠡᠨ ᠢ᠋ ᠪᠦᠷᠢᠳᠬᠡᠵᠦ ᠂
— — — —
① ᠮᠣᠩᠭᠣᠯ ᠳ᠋ᠤ᠌ ᠬᠡᠳᠦ ᠬᠡᠳᠦᠭᠡᠷ ᠦᠶ᠎ᠡ ᠶ᠋ᠢᠨ ᠬᠠᠭᠠᠨ ᠭᠡᠵᠦ ᠨᠡᠷᠡᠢᠳᠬᠦ ᠳᠠᠳᠬᠠᠯ ᠦᠭᠡᠢ ᠃ ᠡᠨᠳᠡ ᠭᠤᠲᠠᠭᠠᠷ ᠭᠡᠵᠦ ᠪᠠᠢᠭ᠎ᠠ ᠨᠢ ᠬᠠᠲᠤᠨ ᠢ᠋ ᠲᠣᠳᠣᠳᠬᠠᠭᠰᠠᠨ ᠦᠭᠡ ᠃ ᠭᠡᠲᠡᠯ᠎ᠡ ᠡᠨᠡ ᠦᠭᠡ ᠶ᠋ᠢ ᠬᠠᠭᠠᠨ ᠭᠡᠳᠡᠭ ᠦ᠋ᠨ ᠳᠡᠭᠡᠷ᠎ᠡ ᠲᠣᠳᠣᠳᠬᠠᠯ ᠮᠡᠲᠦ ᠪᠢᠴᠢᠭᠰᠡᠨ ᠨᠢ ᠲᠣᠯᠣᠭᠠᠢ ᠬᠣᠯᠪᠣᠵᠤ ᠠᠢᠵᠠᠮ ᠲᠠᠭᠠᠷᠠᠭᠤᠯᠬᠤ ᠶ᠋ᠢᠨ ᠲᠡᠳᠦᠢ ᠯᠡ ᠶᠦ᠍ᠮ ᠃ᠭᠤᠲᠠᠭᠠᠷ ᠬᠠᠲᠤᠨ ᠭᠡᠳᠡᠭ ᠨᠢ ᠠᠯᠲᠠᠨ ᠬᠠᠭᠠᠨ ᠤ᠋ ᠭᠤᠲᠠᠭᠠᠷ ᠬᠠᠲᠤᠨ ᠪᠣᠯᠬᠤ ᠵᠥᠩᠭᠡᠨ ᠬᠠᠲᠤᠨ ᠢ᠋ ᠬᠡᠯᠡᠨ᠎ᠡ ᠃ ᠬᠢᠲᠠᠳ ᠪᠢᠴᠢᠭ ᠲᠦ᠍ ᠵᠥᠩᠭᠡᠨ ᠬᠠᠲᠤᠨ ᠢ᠋ 三娘子 ᠪᠤᠶᠤ 克兔哈屯 ᠭᠡᠵᠦ ᠪᠢᠴᠢᠳᠡᠭ ᠃三娘子 ᠭᠡᠳᠡᠭ ᠨᠢ ᠭᠤᠲᠠᠭᠠᠷ ᠬᠠᠲᠤᠨ ᠭᠡᠳᠡᠭ ᠦᠭᠡ ᠶ᠋ᠢᠨ ᠤᠳᠬᠠᠴᠢᠯᠠᠭᠰᠠᠨ ᠣᠷᠴᠢᠭᠤᠯᠭ᠎ᠠ ᠪᠣᠯᠤᠨ᠎ᠠ ᠂克兔哈屯 ᠭᠡᠳᠡᠭ ᠨᠢ ᠭᠤᠲᠠᠭᠠᠷ ᠬᠠᠲᠤᠨ ᠭᠡᠳᠡᠭ ᠦᠭᠡ ᠶ᠋ᠢᠨ ᠠᠪᠢᠶᠠᠴᠢᠯᠠᠭᠰᠠᠨ ᠣᠷᠴᠢᠭᠤᠯᠭ᠎ᠠ ᠪᠣᠯᠤᠨ᠎ᠠ ᠃
ᠡᠷᠭᠢᠨ ᠢᠯᠠᠭᠤᠭᠰᠠᠨ ᠵᠣᠣ ᠰᠢᠭᠡᠮᠦᠨᠢ ᠶ᠋ᠢᠨ ᠰᠦᠮ᠎ᠡ ᠳ᠋ᠦ᠍ᠷ ᠪᠠᠭᠤᠯᠭᠠᠵᠤ ᠂
ᠡᠯᠳᠡᠪ ᠵᠦᠢᠯ ᠢ᠋ᠶ᠋ᠡᠷ ᠦᠯᠡᠮᠵᠢ ᠮᠠᠰᠢ ᠨᠠᠢᠷᠠᠯᠳᠤᠪᠠᠢ ᠬᠦᠨᠳᠦᠯᠡᠵᠦ ᠃
ᠲᠡᠳᠦᠢ ᠵᠥᠩᠭᠡᠨ ᠬᠠᠲᠤᠨ ᠲᠡᠷᠢᠭᠦᠲᠡᠨ ᠭᠤᠷᠪᠠᠨ ᠲᠦᠮᠡᠨ ᠦ᠌ ᠨᠣᠶᠠᠳ ᠂
ᠲᠠᠬᠢᠯ ᠪᠠᠷᠠᠮᠢᠳ ᠢ᠋ ᠠᠬᠤᠢ ᠶᠡᠬᠡᠳᠡ ᠡᠷᠭᠦᠵᠦ ᠪᠦᠷ ᠦ᠋ᠨ ᠂
ᠳᠡᠭᠡᠳᠦ ᠨᠥᠭᠴᠢᠭᠰᠡᠳ ᠦ᠋ᠨ ᠭᠡᠭᠡᠨ ᠰᠦᠨᠡᠰᠦᠨ ᠢ᠋ ᠲᠣᠨᠢᠯᠭᠠᠬᠤ ᠶ᠋ᠢᠨ ᠲᠤᠯᠠᠳᠠ ᠂
ᠳᠡᠯᠭᠡᠷᠡᠩᠭᠦᠶᠡ ᠶᠡᠬᠡ ᠪᠤᠶᠠᠨ ᠪᠠᠷᠠᠮᠢᠳ ᠢ᠋ ᠡᠷᠭᠦᠵᠦ ᠪᠣᠳᠢ ᠬᠤᠲᠤᠭ ᠲᠤᠷ ᠢᠷᠦᠭᠡᠯᠭᠡᠪᠡᠢ ᠃
ᠡᠳᠦᠭᠡ ᠠᠭᠰᠠᠨ ᠬᠠᠳ ᠪᠣᠷᠵᠢᠭᠢᠳ ᠤ᠋ᠨ ᠵᠡᠳᠬᠡᠷᠢ ᠠᠷᠢᠯᠭᠠᠬᠤ ᠶ᠋ᠢᠨ ᠲᠤᠯᠠ ᠂
ᠡᠴᠢᠭᠡ ᠡᠬᠡ ᠪᠣᠯᠤᠭᠰᠠᠨ ᠬᠠᠮᠤᠭ ᠠᠮᠢᠲᠠᠨ ᠤ᠋ ᠲᠤᠰᠠ ᠶ᠋ᠢᠨ ᠲᠤᠯᠠ ᠢᠷᠥᠬᠡᠷ ᠪᠠ ᠂
ᠡᠭᠡᠨᠡᠭᠲᠡ ᠪᠠᠲᠤᠳᠠ ᠦᠯᠡᠮᠵᠢ ᠬᠤᠲᠤᠭ ᠣᠷᠣᠰᠢᠭᠤᠯᠤᠭᠰᠠᠨ ᠡᠰᠷᠦᠨ ᠡᠭᠡᠰᠢᠭ ᠢ᠋ᠶ᠋ᠡᠷ ᠳᠠᠭᠤᠷᠢᠰᠬᠠᠵᠤ ᠂
ᠡᠷᠭᠢᠨ ᠲᠠᠬᠢᠯ ᠤ᠋ᠨ ᠣᠷᠣᠨ ᠥᠭᠯᠢᠭᠡ ᠶ᠋ᠢᠨ ᠡᠵᠡᠳ ᠦ᠋ᠨ ᠰᠡᠳᠬᠢᠯ ᠨᠠᠢᠷᠠᠯᠳᠤᠭᠰᠠᠨ ᠤᠴᠢᠷ ᠲᠡᠢᠮᠦ ᠪᠥᠯᠥᠭᠡ ᠃
ᠲᠡᠭᠦᠨ ᠦ᠌ ᠬᠣᠢᠨ᠎ᠠ ᠭᠠᠯ ᠬᠤᠲᠤᠭ ᠲᠤ᠌ ᠨᠣᠬᠠᠢ ᠵᠢᠯ᠎ᠡ ① ᠵᠥᠩᠭᠡᠨ ᠬᠠᠲᠤᠨ ᠳ᠋ᠤᠷ᠂
ᠳᠠᠯᠠᠢ ᠯᠠᠮᠠ ᠵᠠᠷᠯᠢᠭ ᠪᠣᠯᠵᠤ ᠪᠠᠯᠪᠤ ᠶ᠋ᠢᠨ ᠤᠷᠠᠨ ᠢ᠋ᠶ᠋ᠠᠷ ᠠᠯᠲᠠᠨ ᠲᠢᠲᠢᠮ ᠬᠢᠯᠭᠡᠵᠦ ᠂
— — — —
① ᠲᠥᠪᠡᠳ ᠦ᠋ᠨ ᠣᠨ ᠲᠣᠭᠠᠯᠠᠯ ᠂ ᠮᠣᠩᠭᠣᠯ ᠤ᠋ᠨ ᠤᠯᠠᠭᠠᠨ ᠡᠷ᠎ᠡ ᠨᠣᠬᠠᠢ ᠵᠢᠯ ᠯᠤᠭᠡ ᠲᠣᠬᠢᠷᠠᠨ᠎ᠠ ᠃ ᠳᠠᠷᠤᠢ ᠸᠠᠨ ᠯᠢ ᠶ᠋ᠢᠨ ᠠᠷᠪᠠᠨ ᠳᠥᠷᠪᠡᠳᠦᠭᠡᠷ ᠣᠨ ( 1586 ) ᠃
ᠳᠡᠭᠡᠳᠦ ᠵᠣᠣ ᠰᠢᠭᠡᠮᠦᠨᠢ ᠪᠤᠷᠬᠠᠨ ᠳ᠋ᠤᠷ ᠡᠮᠦᠰᠬᠡᠭᠡᠳ ᠂
ᠲᠡᠭᠦᠰ ᠵᠢᠷᠭᠠᠯᠠᠩ ᠤ᠋ᠨ ᠪᠡᠶ᠎ᠡ ᠪᠣᠯᠭᠠᠨ ᠬᠤᠲᠤᠭ ᠣᠷᠣᠰᠢᠭᠤᠯᠤᠭᠰᠠᠨ ᠤ᠋ ᠬᠣᠢᠨ᠎ᠠ ᠂
ᠡᠩ ᠦᠭᠡᠢ ᠪᠤᠶᠠᠨ ᠪᠠᠷᠠᠮᠢᠳ ᠠᠬᠤᠢ ᠶᠡᠬᠡ ᠲᠠ ᠡᠷᠭᠦᠪᠡᠢ ᠂
ᠡᠷᠭᠢᠨ ᠬᠠᠮᠤᠭ ᠢ᠋ ᠮᠡᠳᠡᠭᠴᠢ ᠸᠴᠢᠷ᠎ᠠ ᠳ᠋ᠠᠷ᠎ᠠ ᠳᠠᠯᠠᠢ ᠯᠠᠮᠠ ᠵᠠᠷᠯᠢᠭ ᠪᠣᠯᠣᠷ ᠤ᠋ᠨ :
《 ᠡᠨᠡ ᠪᠠᠢᠭᠤᠯᠤᠭᠰᠠᠨ ᠵᠣᠣ ᠰᠢᠭᠡᠮᠦᠨᠢ ᠪᠤᠷᠬᠠᠨ ᠤ᠋ ᠴᠢᠨᠠᠷ ᠢᠨᠤ ᠬᠡᠮᠡᠪᠡᠰᠦ ᠂
ᠡᠷᠲᠡ ᠢᠯᠠᠵᠤ ᠲᠡᠭᠦᠰ ᠨᠥᠭᠴᠢᠭᠰᠡᠨ ᠪᠤᠷᠬᠠᠨ ᠪᠠᠭᠰᠢ ᠭᠡᠭᠡᠨ ᠰᠡᠷᠢᠭᠦᠨ ᠳ᠋ᠦ᠍ᠷ ᠢ᠋ᠶ᠋ᠠᠨ ᠂
ᠲᠡᠭᠷᠢᠰ ᠦ᠋ᠨ ᠡᠷᠬᠡᠲᠦ ᠬᠤᠷᠮᠤᠰᠲᠠ ᠥᠭᠯᠢᠭᠡ ᠶ᠋ᠢᠨ ᠡᠵᠡᠨ ᠪᠣᠯᠵᠤ ᠪᠠᠢᠭᠤᠯᠤᠭᠠᠳ ᠂
ᠲᠡᠷᠡ ᠴᠠᠭ ᠲᠤᠷ ᠪᠤᠷᠬᠠᠨ ᠥᠪᠡᠷ ᠦ᠋ᠨ ᠪᠡᠶ᠎ᠡ ᠪᠡᠷ ᠬᠤᠲᠤᠭ ᠣᠷᠣᠰᠢᠭᠤᠯᠤᠭᠰᠠᠨ ᠂
ᠲᠡᠨᠳᠡᠴᠡ ᠡᠳᠦᠭᠡ ᠮᠠᠨᠤ ᠲᠥᠪᠡᠳ ᠦ᠋ᠨ ᠣᠷᠣᠨ ᠳ᠋ᠤᠷ ᠠᠭᠴᠢ ᠭᠠᠢᠬᠠᠮᠰᠢᠭ᠋ ᠲᠤ᠌ ᠰᠢᠲᠦᠭᠡᠨ ᠂
ᠲᠡᠷᠡ ᠵᠣᠣ ᠰᠢᠭᠡᠮᠦᠨᠢ ᠯᠤᠬ᠎ᠠ ᠢᠯᠭᠠᠯ ᠦᠭᠡᠢ ᠨᠢᠭᠡᠨ ᠴᠢᠨᠠᠷ ᠲᠤ᠌ ᠪᠤᠶᠤ ! 》 ᠭᠡᠮᠡᠨ ᠵᠠᠷᠯᠢᠭ ᠪᠣᠯᠪᠠᠢ ᠃
《 ᠠᠯᠳᠠᠷᠰᠢᠭᠰᠠᠨ ᠡᠨᠡ ᠵᠣᠣ ᠰᠢᠭᠡᠮᠦᠨᠢ ᠳ᠋ᠦ᠍ᠷ ᠠᠯᠢᠮᠠᠳ ᠦᠨᠡᠨ ᠰᠦᠰᠦᠭ ᠢ᠋ᠶ᠋ᠡᠷ ᠂
ᠠᠷᠢᠭᠤᠯᠠᠨ ᠮᠥᠷᠭᠥᠬᠦᠢ ᠲᠠᠬᠢᠬᠤᠢ ᠨᠠᠮᠠᠨᠴᠢᠯᠠᠬᠤᠢ ᠵᠠᠯᠪᠠᠷᠢᠬᠤᠢ ᠲᠡᠷᠢᠭᠦᠲᠡᠨ ᠢ᠋ ᠦᠢᠯᠡᠳᠪᠡᠰᠦ ᠂
ᠠᠰᠤᠷᠤ ᠮᠠᠰᠢ ᠭᠤᠷᠪᠠᠨ ᠮᠠᠭᠤᠢ ᠵᠠᠶᠠᠭᠠᠨ ① ᠠ᠋ᠴᠠ ᠲᠣᠨᠢᠯᠤᠭᠠᠳ ᠂
— — — —
① ᠲᠠᠮᠤ ᠳ᠋ᠤ᠌ ᠣᠷᠣᠬᠤ ᠂ ᠥᠯᠥᠩᠬᠡᠢ ᠴᠢᠳᠬᠥᠷ ᠪᠣᠯᠬᠤ ᠂ ᠠᠳᠤᠭᠤᠰᠤᠨ ᠠᠮᠢᠲᠠᠨ ᠪᠣᠯᠬᠤ ᠵᠡᠷᠭᠡ ᠭᠤᠷᠪᠠᠨ ᠵᠦᠢᠯ ᠦ᠋ᠨ ᠮᠠᠭᠤ ᠵᠠᠮ ᠢ᠋ ᠬᠡᠯᠡᠨ᠎ᠡ ᠃
ᠠᠩᠬᠠᠨ ᠤ᠋ ᠳᠡᠭᠡᠳᠦ ᠲᠡᠭᠷᠢ ᠬᠥᠮᠦᠨ ᠦ᠌ ᠬᠣᠲᠠᠯᠠ ᠲᠡᠭᠦᠰᠦᠭᠰᠡᠨ ᠪᠡᠶ᠎ᠡ ᠣᠯᠬᠤ ᠪᠣᠯᠤᠶᠤ 》 ᠬᠡᠮᠡᠪᠡᠢ ᠃
ᠬᠥᠲᠥᠯᠬᠦ ᠶ᠋ᠢᠨ ᠡᠵᠡᠨ ᠭᠡᠭᠡᠨ ᠬᠠᠭᠠᠨ ᠡᠴᠢᠭᠡ ᠶᠦᠭᠡᠨ ᠶᠡᠬᠡ ᠵᠢᠷᠤᠮ ᠢ᠋ᠶ᠋ᠠᠷ ᠂
ᠬᠦᠨᠳᠦᠯᠡᠵᠦ ᠱᠠᠰᠢᠨ ᠲᠥᠷᠥ ᠶ᠋ᠢ ᠵᠢᠯᠤᠭᠠᠲᠤᠨ ᠵᠠᠰᠠᠨ ᠶᠠᠪᠤᠨ ᠠᠲᠠᠯ᠎ᠠ ᠵᠢᠷᠠᠨ ᠲᠠᠪᠤᠨ ᠨᠠᠰᠤᠨ ᠳ᠋ᠤᠷ ᠢ᠋ᠶ᠋ᠠᠨ ᠂
ᠬᠥᠬᠡ ᠲᠠᠬᠢᠶ᠎ᠠ ᠵᠢᠯ᠎ᠡ ᠨᠠᠮᠤᠷ ᠤ᠋ᠨ ᠡᠴᠦᠰ ᠰᠠᠷ᠎ᠠ ᠶ᠋ᠢᠨ ᠬᠣᠷᠢᠨ ᠶᠢᠰᠦᠨ᠎ᠡ ᠂
ᠬᠦᠨᠳᠦ ᠪᠡᠷᠬᠡ ᠬᠠᠯᠠᠭᠤᠨ ᠪᠣᠯᠤᠭᠠᠳ ᠳᠦᠭᠦᠷᠡᠩ ᠬᠠᠭᠠᠨ ᠲᠩᠷᠢ ᠪᠣᠯᠪᠠ ᠃
ᠲᠡᠭᠦᠨᠤ ᠬᠣᠢᠨ᠎ᠠ ᠂ ᠬᠠᠩᠭᠠᠢ ᠬᠠᠨ ① ᠢ᠋ ᠨᠤᠲᠤᠭᠯᠠᠨ ᠶᠠᠪᠤᠭᠴᠢ ᠂
ᠬᠠᠳᠠᠨ ᠵᠠᠷ ᠵᠡᠪᠡ ᠶ᠋ᠢᠨ ᠣᠨᠴᠢ ᠪᠣᠯᠤᠨ ᠶᠠᠪᠤᠭᠴᠢ ᠂
ᠬᠠᠷᠢᠳᠠᠨ ᠳᠠᠢᠰᠤᠨ ᠯᠤᠭ᠎ᠠ ᠲᠡᠮᠡᠴᠡᠯᠳᠦᠨ ᠶᠠᠪᠤᠭᠴᠢ ᠂
ᠬᠠᠯᠬ᠎ᠠ ᠲᠦᠮᠡᠨ ᠦ᠌ ᠡᠵᠡᠨ ᠪᠣᠯᠤᠭᠰᠠᠨ ᠠᠪᠢᠲᠠᠢ ᠰᠠᠢᠨ ᠬᠠᠭᠠᠨ ② ᠂
ᠬᠣᠲᠠᠯᠠ ᠶ᠋ᠢᠨ ᠡᠵᠡᠨ ᠭᠡᠭᠡᠨ ᠬᠠᠭᠠᠨ ᠠᠪᠠᠭ᠎ᠠ ᠶᠤᠭᠠᠨ ᠦᠢᠯᠡᠳᠦᠭᠰᠡᠨ ᠱᠠᠰᠢᠨ ᠨᠣᠮ ᠳ᠋ᠤᠷ ᠣᠷᠣᠨ ᠂
— — — —
① ᠪᠦᠭᠦᠳᠡ ᠨᠠᠢᠷᠠᠮᠳᠠᠬᠤ ᠮᠣᠩᠭᠣᠯ ᠠᠷᠠᠳ ᠤᠯᠤᠰ ᠤ᠋ᠨ ᠬᠢᠯᠢ ᠳᠣᠲᠣᠷᠠᠬᠢ ᠬᠠᠩᠭᠠᠢ ᠠᠭᠤᠯᠠ ᠃
② ᠳᠠᠶᠤᠨ ᠬᠠᠭᠠᠨ ᠤ᠋ ᠬᠥᠪᠡᠭᠦᠨ ᠬᠡᠷᠡᠰᠡᠨᠵᠨ ᠦ᠌ ᠠᠴᠢ ᠃ ᠶᠠᠨ ᠯᠢ ᠶ᠋ᠢᠨ ᠠᠷᠪᠠᠨ ᠲᠠᠪᠤᠳᠤᠭᠠᠷ ᠣᠨ (1587 ) ᠳ᠋ᠤ᠌ ᠭᠤᠲᠠᠭᠠᠷ ᠲᠥᠷᠥᠯ ᠦ᠋ᠨ ᠳᠠᠯᠠᠢ ᠯᠠᠮᠠ ᠳ᠋ᠤ᠌ ᠮᠥᠷᠭᠥᠨ ᠰᠢᠷ᠎ᠠ ᠶ᠋ᠢᠨ ᠱᠠᠰᠢᠨ ᠳ᠋ᠤ᠌ ᠣᠷᠣᠪᠠ ᠃ ᠲᠡᠭᠦᠨᠴᠡ ᠡᠬᠢᠯᠡᠨ ᠰᠢᠷ᠎ᠠ ᠶ᠋ᠢᠨ ᠱᠠᠰᠢᠨ ᠬᠠᠯᠬ᠎ᠠ ᠮᠣᠩᠭᠣᠯ ᠳ᠋ᠤ᠌ ᠨᠡᠪᠲᠡᠷᠡᠨ ᠣᠷᠣᠵᠠᠢ ᠃ ᠳᠠᠯᠠᠢ ᠯᠠᠮᠠ ᠠᠪᠠᠲᠠᠢ ᠳ᠋ᠤ᠌ ᠸᠴᠢᠷᠡᠢ ᠬᠠᠭᠠᠨ ᠭᠡᠮᠡᠨ ᠴᠣᠯᠠ ᠡᠷᠭᠦᠭᠰᠡᠨ ᠦ᠌ ᠣᠴᠢᠷ᠎ᠠ ᠬᠠᠯᠬ᠎ᠠ ᠶ᠋ᠢᠨ ᠲᠠᠢᠵᠢ ᠨᠠᠷ ᠬᠠᠭᠠᠨ ᠭᠡᠵᠦ ᠴᠣᠯᠠ ᠡᠷᠭᠦᠮᠵᠢᠯᠡᠬᠦ ᠶᠣᠰᠣᠨ ᠡᠬᠢᠯᠡᠪᠡ ᠃
ᠬᠤᠲᠤᠭ ᠲᠤ᠌ ᠳᠠᠯᠠᠢ ᠯᠠᠮᠠ ᠳ᠋ᠤᠷ ᠬᠦᠰᠡᠬᠦᠢ ᠰᠡᠳᠬᠢᠯ ᠦ᠋ᠨ ᠡᠭᠦᠳᠡᠨ ᠡᠴᠡ ᠮᠥᠷᠭᠥᠨ ᠂
ᠬᠤᠷᠢᠶᠠᠵᠤ ᠪᠤᠶᠠᠨ ᠪᠠᠷᠠᠮᠢᠳ ᠲᠣᠭᠠᠯᠠᠰᠢ ᠦᠭᠡᠢ ᠴᠠᠭᠯᠠᠰᠢ ᠦᠭᠡᠢ ᠬᠦᠷᠭᠡᠵᠦ ᠢᠷᠡᠬᠦ ᠶ᠋ᠢᠨ ᠤᠷᠢᠳᠠ ᠠ᠋ᠴᠠ ᠂
ᠬᠤᠪᠢᠯᠭᠠᠨ ᠳᠠᠯᠠᠢ ᠯᠠᠮᠠ ᠶ᠋ᠢᠨ ᠵᠡᠭᠦᠳᠦᠨ ᠳ᠋ᠦ᠍ᠷ ᠬᠦᠷᠡᠨ ᠡᠷᠢᠶᠡᠨ ᠪᠠᠷᠰ ᠪᠣᠯᠤᠨ ᠰᠠᠨᠳᠠᠯᠢ ᠰᠢᠷᠭᠦᠭᠡᠨ ᠬᠡᠪᠲᠡᠪᠡᠢ ᠃
ᠳᠠᠷᠤᠢ ᠳ᠋ᠤᠷ ᠬᠦᠷᠴᠦ ᠢᠷᠡᠭᠡᠳ ᠰᠡᠴᠡ ᠪᠤᠶᠠᠨ ᠪᠠᠷᠠᠮᠢᠳ ᠢ᠋ᠶ᠋ᠠᠨ ᠪᠠᠷᠢᠵᠤ ᠮᠥᠷᠭᠥᠪᠡᠢ ᠂
ᠠᠯᠠᠢ ᠯᠠᠮᠠ ᠥᠷᠥᠰᠢᠶᠡᠵᠦ ᠠᠪᠠᠲᠠᠢ ᠰᠠᠢᠨ ᠬᠠᠭᠠᠨ ᠳ᠋ᠤᠷ ᠸᠴᠢᠷᠠᠢ ᠬᠠᠭᠠᠨ ᠴᠣᠯᠠ ᠰᠣᠷᠤᠷᠬᠠᠪᠠᠢ ᠃
ᠲᠡᠷᠡ ᠪᠣᠳᠢᠰᠤᠩ ᠤ᠋ᠨ ᠬᠤᠪᠢᠯᠭᠠᠨ ᠵᠥᠩᠭᠡᠨ ᠬᠠᠲᠤᠨ ᠪᠡᠷᠭᠡᠨ ① ᠳ᠋ᠡᠭᠡᠨ ᠮᠥᠷᠭᠥᠵᠦ ᠵᠣᠯᠭᠠᠯᠳᠤᠪᠠᠢ
ᠳ᠋ᠠᠭᠠᠨ ᠪᠠᠰᠠ ᠭᠡᠭᠡᠨ ᠬᠠᠭᠠᠨ ᠤ᠋ ᠲᠥᠷᠥ ᠱᠠᠰᠢᠨ ᠳ᠋ᠤᠷ ᠣᠷᠣᠭᠠᠳ ᠲᠤᠳᠡᠯ ᠦᠭᠡᠢ ᠬᠠᠷᠢᠪᠠᠢ ᠃
ᠲᠡᠭᠦᠨ ᠦ᠌ ᠬᠣᠢᠨ᠎ᠠ ᠨᠠᠮᠤᠲᠠᠢ ᠰᠡᠴᠡᠨ ᠬᠣᠩ ᠲᠠᠢᠵᠢ ᠂
ᠳᠡᠭᠡᠳᠦ ᠪᠣᠭᠳᠠ ᠴᠩᠷᠡᠸᠡᠷᠳᠢ ᠠᠯᠲᠠᠨ ᠬᠠᠭᠠᠨ ᠡᠪᠦᠭᠡ ᠶᠦ᠍ᠭᠡᠨ ᠦᠢᠯᠡᠳᠦᠭᠰᠡᠨ ᠂
ᠲᠡᠭᠰᠢ ᠪᠠᠢᠭᠤᠯᠤᠭᠰᠠᠨ ᠲᠥᠷᠥ ᠱᠠᠰᠢᠨ ᠡᠵᠡᠨ ᠦᠭᠡᠢ ᠰᠠᠭᠤᠬᠤ ᠪᠡᠷᠬᠡ ᠶ᠋ᠢᠨ ᠲᠤᠯᠠᠳᠠ ᠂
ᠳᠡᠭᠡᠳᠦ ᠶᠡᠬᠡ ᠣᠷᠣᠨ ᠳ᠋ᠤᠷ ᠭᠠᠯ ᠨᠣᠬᠠᠢ ᠵᠢᠯ᠎ᠡ ᠬᠠᠭᠠᠨ ᠣᠷᠣ ᠰᠠᠭᠤᠪᠠᠢ ᠃
— — — —
① ᠲᠡᠢᠮᠢᠩ ᠦ᠋ᠨ ᠦᠶ᠎ᠡ ᠪᠡᠷ ᠂ ᠮᠣᠩᠭᠣᠯ ᠤ᠋ᠨ ᠵᠠᠩᠰᠢᠯ ᠳ᠋ᠤ᠌ ᠮᠥᠨ ᠬᠦ᠌ ᠡᠷᠲᠡᠨ ᠦ᠌ ᠤᠮᠠᠷᠠᠲᠤ ᠭᠠᠵᠠᠷ ᠤ᠋ᠨ ᠦᠨᠳᠦᠰᠦᠲᠡᠨ ᠨᠦ᠍ᠭᠦᠳ ᠦ᠋ᠨ 《 ᠡᠴᠬᠡ ᠢᠨᠦ ᠦᠬᠦᠪᠡᠰᠦ ᠬᠣᠢᠲᠤ ᠡᠬᠡ ᠶᠦ᠍ᠭᠡᠨ ᠡᠬᠡᠨᠡᠷ ᠪᠣᠯᠭᠠᠬᠤ 》ᠵᠤᠷᠰᠢᠯ ᠶᠣᠰᠣᠨ ᠮᠥᠨ ᠦᠯᠡᠳᠡᠭᠰᠡᠭᠡᠷ ᠪᠠᠢᠵᠠᠢ ᠃ ᠲᠡᠢᠨ ᠬᠦ᠌ ᠂ ᠠᠯᠲᠠᠨ ᠬᠠᠭᠠᠨ ᠨᠠᠰᠤᠨ ᠡᠴᠦᠰᠯᠡᠭᠰᠡᠨ ᠦ᠌ ᠬᠣᠢᠨ᠎ᠠ ᠲᠡᠭᠦᠨ ᠦ᠌ ᠬᠥᠪᠡᠭᠦᠨ ᠰᠡᠩᠭᠡ ᠳᠦᠭᠦᠷᠡᠩ ᠬᠣᠩ ᠲᠠᠢᠵᠢ ᠬᠣᠢᠲᠤ ᠡᠬᠡ ᠪᠣᠯᠤᠭᠰᠠᠨ ᠵᠥᠩᠭᠡᠨ ᠬᠠᠲᠤᠨ ᠢ᠋ ᠡᠬᠡᠨᠡᠷ ᠪᠣᠯᠭᠠᠨ ᠠᠪᠴᠠᠢ ᠃ ᠠᠪᠠᠲᠠᠢ ᠬᠠᠭᠠᠨ ᠪᠠ ᠰᠡᠩᠭᠡ ᠳᠦᠭᠦᠷᠡᠩ ᠬᠣᠩ ᠲᠠᠢᠵᠢ ᠲᠠᠨ ᠪᠣᠯ ᠨᠢᠭᠡᠨ ᠦᠶ᠎ᠡ ᠶ᠋ᠢᠨ ᠬᠥᠮᠦᠰ ᠪᠣᠯᠬᠤ ᠶ᠋ᠢᠨ ᠲᠤᠯᠠ ᠵᠥᠩᠭᠡᠨ ᠬᠠᠲᠤᠨ ᠢ᠋ ᠪᠡᠷᠭᠡᠨ ᠭᠡᠵᠦ ᠳᠠᠭᠤᠳᠠᠳᠠᠭ ᠃
