ᠶᠢᠷᠲᠢᠨᠴᠦ ᠶᠢᠨ ᠭᠤᠷᠪᠠ – < ᠥ᠊ 6 > ᠶ᠋ᠢᠨ ᠠᠶ᠋ᠢᠮᠠᠭ Ертөнцийн гурав – < Ө > ин аймаг ᠶᠢᠷᠲᠢᠨᠴᠦ ᠶ᠋ᠢᠨ ᠭᠤᠷᠪᠠ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠶᠢᠷᠲᠢᠨᠴᠦ ᠶᠢᠨ ᠭᠤᠷᠪᠠ – < ᠥ᠊ 6 > ᠶ᠋ᠢᠨ ᠠᠶ᠋ᠢᠮᠠᠭ Ертөнцийн гурав – < Ө > ин аймаг

ᠶᠢᠷᠲᠢᠨᠴᠦ ᠶᠢᠨ ᠭᠤᠷᠪᠠ – < ᠥ᠊ 6 > ᠶ᠋ᠢᠨ ᠠᠶ᠋ᠢᠮᠠᠭ Ертөнцийн гурав – < Ө > ин аймаг

2023-05-19

348

ᠶᠢᠷᠲᠢᠨᠴᠦ ᠶᠢᠨ ᠭᠤᠷᠪᠠ – < ᠥ᠊ 6 > ᠶ᠋ᠢᠨ ᠠᠶ᠋ᠢᠮᠠᠭ



           ᠦ ‍ᠶ᠋ᠢᠨ ᠠᠶ᠋ᠢᠮᠠᠭ

        ᠭᠤᠷᠪᠠᠨ ᠴᠠᠭᠠᠨ
   ᠥᠰᠬᠦ ‍ᠳᠤ ᠰᠢᠳᠦ ᠨᠢᠭᠡ ᠴᠠᠭᠠᠨ
   ᠥᠲᠡᠯᠬᠦ ‍ᠳᠤ ᠦᠰᠦ ᠨᠢᠭᠡ ᠴᠠᠭᠠᠨ
   ᠦᠬᠦᠬᠦ ‍ᠳᠤ ᠶᠠᠰᠤ ᠨᠢᠭᠡ ᠴᠠᠭᠠᠨ
  
        ᠭᠤᠷᠪᠠᠨ ᠪᠠᠶᠠᠨ
   ᠥᠷᠢ ᠦᠭᠡᠢ ᠬᠥᠮᠦᠨ ᠨᠢᠭᠡ ᠪᠠᠶᠠᠨ
   ᠡᠷᠳᠡᠮ ᠎ᠲᠠᠢ ᠬᠥᠮᠦᠨ ᠨᠢᠭᠡ ᠪᠠᠶᠠᠨ
   ᠬᠡᠦᠬᠡᠳ ᠎ᠲᠠᠢ ᠬᠥᠮᠦᠨ ᠨᠢᠭᠡ ᠪᠠᠶᠠᠨ

        ᠭᠤᠷᠪᠠᠨ ᠬᠠᠴᠢᠨ
   ᠥᠨᠳᠡᠭᠡ ᠲᠠᠬᠢᠶᠠᠨ ‍ᠤ ᠡᠭᠦᠰᠦᠯᠲᠡ ᠨᠢ ᠬᠠᠴᠢᠨ
   ᠨᠣᠬᠠᠢ ᠪᠣᠰᠤᠭ᠎ᠠ ᠎ᠪᠠᠷ ‍ᠢᠶ᠋ᠠᠨ ᠰᠠᠭᠤᠳᠠᠭ ᠨᠢ ᠬᠠᠴᠢᠨ
   ᠮᠣᠭᠠᠢ ᠠᠮᠠ ᠎ᠪᠠᠷ ‍ᠢᠶ᠋ᠠᠨ ᠥᠨᠳᠡᠭᠡᠯᠡᠳᠡᠭ ᠨᠢ ᠬᠠᠴᠢᠨ

        ᠭᠤᠷᠪᠠᠨ ᠬᠠᠷᠰᠢ
   ᠥᠨᠳᠥᠷ ᠬᠠᠰᠢᠶ᠎ᠠ ᠮᠠᠯ ‍ᠳᠤ ᠬᠠᠷᠰᠢ
   ᠦᠯᠡᠮᠵᠢ ᠠᠰᠢᠬ ᠡᠵᠡᠨ ᠳ᠋ᠡᠭᠡᠨ ᠬᠠᠷᠰᠢ
   ᠡᠯᠪᠡᠭ ᠮᠥᠩᠭᠥ ᠠᠮᠢᠨ ‍ᠳᠤ ᠬᠠᠷᠰᠢ

        ᠭᠤᠷᠪᠠᠨ ᠬᠠᠷᠠᠮᠴᠢ
   ᠥᠨᠳᠡᠭᠡ ᠎ᠪᠠᠨ ᠳᠠᠷᠤᠭᠰᠠᠨ ᠲᠠᠬᠢᠶ᠎ᠠ ᠨᠢᠭᠡ ᠬᠠᠷᠠᠮᠴᠢ
   ᠥᠭᠡᠬᠦ ᠵᠠᠭᠤᠭᠰᠠᠨ ᠦᠨᠡᠭᠡ ᠨᠢᠭᠡ ᠬᠠᠷᠠᠮᠴᠢ
   ᠥᠭᠡᠳᠡ ᠎ᠲᠠᠢ ᠶᠠᠪᠤᠭ᠎ᠠ ᠯᠠᠮᠠ ᠨᠢᠭᠡ ᠬᠠᠷᠠᠮᠴᠢ

        ᠭᠤᠷᠪᠠᠨ ᠵᠢᠭᠰᠢᠭᠦᠷᠢᠲᠡᠢ
   ᠥᠩᠭᠡ ‍ᠳᠤ ᠰᠢᠨᠤᠭᠰᠠᠨ ᠬᠣᠶᠠᠯᠢᠴᠢ ᠨᠢᠭᠡ ᠵᠢᠭᠰᠢᠭᠦᠷᠢᠲᠡᠢ
   ᠦᠷ᠎ᠡ ᠎ᠪᠠᠨ ᠭᠣᠯᠣᠭᠰᠠᠨ ᠠᠳᠤᠭᠤ ᠨᠢᠭᠡ ᠵᠢᠭᠰᠢᠭᠦᠷᠢᠲᠡᠢ
   ᠥᠨᠳᠡᠭᠡ ᠎ᠪᠠᠨ ᠢᠳᠡᠭᠰᠡᠨ ᠰᠢᠪᠠᠭᠤ ᠨᠢᠭᠡ ᠵᠢᠭᠰᠢᠭᠦᠷᠢᠲᠡᠢ

        ᠭᠤᠷᠪᠠᠨ ᠳᠡᠭᠡᠳᠦ
   ᠥᠷᠢ ᠦᠭᠡᠢ ᠬᠥᠮᠦᠨ ᠪᠠᠶᠠᠨ ‍ᠤ ᠳᠡᠭᠡᠳᠦ
   ᠦᠷ᠎ᠡ ᠎ᠲᠠᠢ ᠬᠥᠮᠦᠨ ᠬᠥᠮᠦᠨ ‍ᠤ ᠳᠡᠭᠡᠳᠦ 
   ᠡᠷᠳᠡᠮ ᠎ᠲᠡᠢ ᠬᠥᠮᠦᠨ ᠠᠯᠢᠪᠠ ‍ᠶ᠋ᠢᠨ ᠳᠡᠭᠡᠳᠦ

         ᠭᠤᠷᠪᠠᠨ ᠪᠡᠭᠡᠷᠡᠭ
   ᠥᠲᠥᠭ ᠪᠠᠭᠤᠴᠠ ᠦᠭᠡᠢ ᠮᠠᠯ ᠪᠡᠭᠡᠷᠡᠭ
   ᠡᠭᠦᠷ ‍ᠢᠶ᠋ᠡᠨ ᠵᠠᠰᠠᠳᠠᠭ ᠦᠭᠡᠢ ᠰᠢᠪᠠᠭᠤ ᠪᠡᠭᠡᠷᠡᠭ
   ᠡᠪᠦᠯ ‍ᠢᠶ᠋ᠡᠨ ᠮᠠᠷᠲᠠᠭᠰᠠᠨ ᠠᠳᠠᠯ ᠭᠡᠷ ᠪᠡᠭᠡᠷᠡᠭ

         ᠭᠤᠷᠪᠠᠨ ᠪᠤᠶᠠᠨ
   ᠥᠯᠥᠰᠦᠭᠰᠡᠨ ᠴᠠᠩᠭᠠᠭᠰᠠᠨ ‍ᠢ ᠲᠡᠵᠢᠭᠡᠪᠡᠯ ᠪᠤᠶᠠᠨ
   ᠥᠨᠥᠴᠢᠨ ᠪᠡᠯᠪᠡᠰᠦᠨ ‍ᠢ ᠳᠡᠳᠭᠦᠪᠡᠯ ᠪᠤᠶᠠᠨ
   ᠦᠭᠡᠭᠦᠦ ᠶᠠᠳᠠᠭᠤ ‍ᠶ᠋ᠢ ᠲᠤᠰᠠᠯᠠᠪᠠᠯ ᠪᠤᠶᠠᠨ

         ᠭᠤᠷᠪᠠᠨ ᠰᠣᠨᠢᠨ
   ᠥᠨᠳᠡᠭᠡ ᠲᠠᠬᠢᠶᠠᠨ ‍ᠤ ᠡᠭᠦᠰᠦᠯᠲᠡ ᠰᠣᠨᠢᠨ
   ᠦᠭᠦᠯᠡᠵᠦ ᠬᠡᠯᠡᠯᠴᠡᠬᠦ ᠳᠣᠮᠣᠭ ᠰᠣᠨᠢᠨ
   ᠡᠪᠦᠯ ᠵᠤᠨ ‍ᠤ ᠬᠤᠪᠢᠷᠠᠯᠲᠠ ᠰᠣᠨᠢᠨ

         ᠭᠤᠷᠪᠠᠨ ᠪᠤᠤ ᠲᠠᠯᠪᠢ
   ᠦᠰᠬᠦ ᠬᠡᠦᠬᠡᠳ ᠲᠤ ᠦᠰ ᠪᠤᠤ ᠲᠠᠯᠪᠢ
   ᠥᠲᠡᠯᠬᠦ ᠬᠥᠮᠦᠨ ‍ᠳᠦ ᠥᠷᠢ ᠪᠤᠤ ᠲᠠᠯᠪᠢ
   ᠦᠰᠢᠬᠦ ᠬᠥᠮᠦᠨ ‍ᠳᠦ ᠨᠠᠶ᠋ᠢᠷ ᠪᠤᠤ ᠲᠠᠯᠪᠢ

         ᠭᠤᠷᠪᠠᠨ ᠳᠡᠭᠡᠷ᠎ᠡ
   ᠥᠷᠢ ᠎ᠲᠡᠢ ᠬᠥᠮᠦᠨ ᠵᠡᠭᠡᠯᠢ ᠳᠡᠭᠡᠷ᠎ᠡ
   ᠥᠩᠭᠡ ᠎ᠲᠡᠢ ᠬᠥᠮᠦᠨ ᠨᠢᠳᠦᠨ ᠳᠡᠭᠡᠷ᠎ᠡ
   ᠥᠰᠢᠶ᠎ᠡ ᠎ᠲᠡᠢ ᠬᠥᠮᠦᠨ ᠳᠠᠪᠠᠭᠠᠨ ᠳᠡᠭᠡᠷ᠎ᠡ

         ᠭᠤᠷᠪᠠᠨ ᠨᠢᠭᠡ
   ᠥᠭᠡᠳᠡᠯᠡᠬᠦ ᠠᠶ᠋ᠢᠯ ‍ᠤᠨ ᠦᠭᠡ ᠨᠢᠭᠡ
   ᠦᠰᠬᠦ ᠮᠠᠯ ‍ᠤᠨ ᠥᠩᠭᠡ ᠨᠢᠭᠡ
   ᠥᠰᠪᠥᠷᠢ ᠬᠡᠦᠬᠡᠳ ‍ᠦᠨ ᠵᠠᠩ ᠨᠢᠭᠡ

          ᠭᠤᠷᠪᠠᠨ ᠪᠡᠷᠬᠡ
  ᠥᠪᠡᠷ ‍ᠢᠶ᠋ᠡᠨ ᠡᠰᠡ ᠬᠢᠴᠢᠶᠡᠪᠡᠰᠦ ᠪᠤᠰᠤᠳ ‍ᠢ ᠰᠤᠷᠭᠠᠬᠤ ᠪᠡᠷᠬᠡ
  ᠦᠨᠡᠨ ᠬᠤᠳᠠᠯ ‍ᠢ ᠡᠰᠡ ᠢᠯᠭᠠᠪᠠᠰᠤ ᠦᠢᠯᠡᠰ ᠪᠦᠲᠦᠭᠡᠬᠦ ᠪᠡᠷᠬᠡ
  ᠥᠭᠡᠷ᠎ᠡ ᠪᠤᠰᠤᠳ ‍ᠢ ᠡᠰᠡ ᠠᠳᠠᠯᠢᠳᠬᠠᠪᠠᠰᠤ ᠪᠤᠶᠠᠨᠲᠠᠢ ᠪᠣᠯᠬᠤ ᠪᠡᠷᠬᠡ

         ᠭᠤᠷᠪᠠᠨ ᠪᠣᠯᠤᠨ᠎ᠠ
   ᠦᠷᠢᠶ᠎ᠡ ᠪᠠᠶ᠋ᠢᠳᠠᠰᠤ ᠥᠰᠦᠭᠰᠡᠭᠡᠷ ᠪᠠᠶ᠋ᠢᠵᠤ ᠠᠳᠤᠭᠤ ᠪᠣᠯᠤᠨ᠎ᠠ
   ᠦᠷ᠎ᠡ ᠬᠡᠦᠬᠡᠳ ᠪᠣᠶ᠋ᠢᠵᠢᠬᠰᠠᠭᠠᠷ ᠪᠠᠶ᠋ᠢᠵᠤ ᠡᠷᠦᠬᠡ ᠪᠣᠯᠤᠨ᠎ᠠ
   ᠥᠷᠢ ᠰᠢᠷᠢ ᠣᠯᠠᠳᠠᠭᠰᠠᠭᠠᠷ ᠪᠠᠶ᠋ᠢᠵᠤ ᠡᠪᠡᠳᠴᠢᠨ ᠪᠣᠯᠤᠨ᠎ᠠ
         
          ᠭᠤᠷᠪᠠᠨ ᠬᠠᠲᠠᠭᠤ
   ᠦᠷᠭᠦᠭᠡᠰᠦ ᠰᠢᠪᠦᠭᠡ ᠨᠢᠳᠦᠨ ‍ᠳᠦ ᠨᠢᠭᠡ ᠬᠠᠲᠠᠭᠤ
   ᠦᠬᠡᠷ ‍ᠦᠨ ᠰᠢᠯᠢ ᠰᠢᠳᠦᠨ ‍ᠳᠦ ᠨᠢᠭᠡ ᠬᠠᠲᠠᠭᠤ
   ᠦᠨᠡᠨ ᠦᠭᠡ ᠴᠢᠬᠢᠨ ‍ᠳᠦ ᠨᠢᠭᠡ ᠬᠠᠲᠠᠭᠤ
 
          ᠭᠤᠷᠪᠠᠨ ᠦᠯᠦ ᠲᠠᠰᠤᠷᠠᠬᠤ
   ᠥᠲᠡᠯᠬᠦ ᠰᠡᠳᠬᠢᠯᠲᠡᠨ ‍ᠦ ᠬᠤᠣᠷᠯᠠᠬᠤ ᠰᠠᠨᠠᠭ᠎ᠠ ᠦᠯᠦ ᠲᠠᠰᠤᠷᠠᠬᠤ
   ᠥᠷᠢᠰᠬᠦ ᠰᠠᠨᠠᠭᠠᠲᠠᠨ ‍ᠤ ᠠᠭᠤᠷ ᠬᠢᠯᠢᠩ ᠦᠯᠦ ᠲᠠᠰᠤᠷᠠᠬᠤ
   ᠦᠭᠡᠯᠡᠬᠦ ᠰᠡᠪᠯᠡᠬᠡᠴᠢᠨ ‍ᠦ ᠪᠠᠶᠠᠰᠬᠤ ᠭᠣᠮᠣᠳᠠᠬᠤ ᠦᠯᠦ ᠲᠠᠰᠤᠷᠠᠬᠤ

          ᠭᠤᠷᠪᠠᠨ ᠬᠠᠶ᠋ᠢᠷᠠᠲᠠᠢ
   ᠦᠳᠡᠯᠡᠬᠦ ᠎ᠡᠴᠡ ᠨᠠᠰᠤ ᠨᠢᠭᠡ ᠬᠠᠶ᠋ᠢᠷᠠᠲᠠᠢ
   ᠦᠭᠡᠶ᠋ᠢᠷᠡᠬᠦ ᠎ᠡᠴᠡ ᠡᠳ᠋ ᠨᠢᠭᠡ ᠬᠠᠶ᠋ᠢᠷᠠᠲᠠᠢ
   ᠦᠬᠦᠬᠦ ᠎ᠡᠴᠡ ᠠᠮᠢ ᠨᠢᠭᠡ ᠬᠠᠶ᠋ᠢᠷᠠᠲᠠᠢ

         ᠭᠤᠷᠪᠠᠨ ᠲᠡᠷᠡ
   ᠥᠷᠢ ᠦᠭᠡᠢ ᠪᠣᠯᠪᠠᠯ ᠪᠠᠶᠠᠨ ᠭᠡᠭᠴᠢ ᠲᠡᠷᠡ
   ᠦᠰ ᠦᠭᠡᠢ ᠪᠣᠯᠪᠠᠯ ᠲᠠᠶ᠋ᠢᠪᠤᠩ ᠭᠡᠭᠴᠢ ᠲᠡᠷᠡ   
   ᠡᠪᠡᠳᠴᠢᠨ ᠦᠭᠡᠢ ᠪᠣᠯᠪᠠᠯ ᠵᠢᠷᠭᠠᠯ ᠭᠡᠭᠴᠢ ᠲᠡᠷᠡ

        ᠭᠤᠷᠪᠠᠨ ᠭᠠᠯᠵᠠᠭᠤ
   ᠥᠯᠥᠰᠦᠭᠡᠳ ᠳᠣᠪᠲᠣᠯᠤᠭᠰᠠᠨ ᠴᠢᠨᠣ᠎ᠠ ᠨᠢᠭᠡ ᠭᠠᠯᠵᠠᠭᠤ
   ᠡᠪᠦᠭᠡᠳ ᠬᠥᠮᠦᠨ ‍ᠳᠦ ᠣᠴᠢᠬᠰᠠᠨ ᠡᠮ᠎ᠡ ᠨᠢᠭᠡ ᠭᠠᠯᠵᠠᠭᠤ
   ᠦᠯᠦᠩ ᠎ᠡᠴᠡ ᠰᠢᠲᠠᠭᠰᠠᠨ ᠭᠠᠯ ᠨᠢᠭᠡ ᠭᠠᠯᠵᠠᠭᠤ

         ᠭᠤᠷᠪᠠᠨ ᠦᠭᠡᠢ
   ᠥᠭᠭᠦᠭᠰᠡᠨ ᠦᠭᠡᠢ ᠳ᠋ᠡᠭᠡᠨ ᠠᠪᠤᠭᠰᠠᠨ ᠦᠭᠡᠢ
   ᠦᠵᠡᠭᠰᠡᠨ ᠦᠭᠡᠢ ᠳ᠋ᠡᠭᠡᠨ ᠮᠡᠳᠡᠭᠰᠡᠨ ᠦᠭᠡᠢ
   ᠤᠴᠠᠷᠠᠭᠰᠠᠨ ᠦᠭᠡᠢ ᠳ᠋ᠡᠭᠡᠨ ᠲᠠᠨᠢᠬᠰᠠᠨ ᠦᠭᠡᠢ

         ᠭᠤᠷᠪᠠᠨ ᠮᠠᠭᠤ
   ᠥᠴᠦᠬᠡᠨ ᠣᠯᠵᠠ ᠠᠰᠢᠬ ᠲᠣᠷ ᠪᠠᠶᠠᠰᠤᠭᠴᠢᠳ ‍ᠤᠨ ᠬᠡᠰᠢᠭ ᠮᠠᠭᠤ
   ᠦᠷᠭᠦᠯᠵᠢ ᠰᠢᠨᠤᠯ ᠲᠠᠴᠢᠶᠠᠩᠭᠤᠢ ᠳ᠋ᠤᠷ ᠨᠡᠶ᠋ᠢᠯᠡᠭᠴᠢᠳ ‍ᠦᠨ ᠠᠪᠢᠶᠠᠰ ᠮᠠᠭᠤ
   ᠦᠨᠡᠨ ᠭᠤᠷᠪᠠᠨ ᠡᠷᠳᠡᠨᠢ ‍ᠶ᠋ᠢ ᠦᠯᠦ ᠰᠢᠲᠦᠭᠴᠢᠳ ‍ᠦᠨ ᠵᠠᠶᠠᠭ᠎ᠠ ᠮᠠᠭᠤ

        ᠭᠤᠷᠪᠠᠨ ᠠᠶᠤᠯᠲᠠᠢ
   ᠥᠰᠢᠶᠡᠲᠡᠨ ‍ᠦ ᠭᠠᠷ ᠲᠣᠷ ᠫᠤᠤ ᠰᠤᠮᠤ ᠨᠢᠭᠡ ᠠᠶᠤᠯᠲᠠᠢ
   ᠲᠡᠨᠡᠭ ‍ᠦᠨ ᠭᠠᠷ ᠲᠣᠷ ᠡᠷᠬᠡ ᠵᠡᠷᠭᠡ ᠨᠢᠭᠡ ᠠᠶᠤᠯᠲᠠᠢ
   ᠬᠡᠦᠬᠡᠳ ‍ᠦᠨ ᠭᠠᠷ ᠲᠣᠷ ᠬᠢᠲᠤᠭ᠎ᠠ ᠮᠡᠰᠡ ᠨᠢᠭᠡ ᠠᠶᠤᠯᠲᠠᠢ

         ᠭᠤᠷᠪᠠᠨ ᠵᠣᠪᠠᠯᠠᠩ
   ᠥᠰᠢᠶᠡᠲᠦ ᠳᠠᠶ᠋ᠢᠰᠤᠨ ᠎ᠲᠠᠢ ᠤᠴᠠᠷᠠᠬᠤ ‍ᠶ᠋ᠢᠨ ᠨᠢᠭᠡ ᠵᠣᠪᠠᠯᠠᠩ
   ᠦᠯᠡᠮᠵᠢ ᠠᠰᠢᠬ ‍ᠢ ᠬᠠᠳᠠᠭᠠᠯᠠᠬᠤ ‍ᠶ᠋ᠢᠨ ᠨᠢᠭᠡ ᠵᠣᠪᠠᠯᠠᠩ
   ᠥᠷᠭᠡᠨ ᠪᠤᠶᠠᠨ ‍ᠢ ᠡᠰᠡ ᠡᠳ᠋ᠯᠡᠬᠦ ‍ᠶ᠋ᠢᠨ ᠨᠢᠭᠡ ᠵᠣᠪᠠᠯᠠᠩ

         ᠭᠤᠷᠪᠠᠨ ᠬᠢᠴᠢᠶᠡ
   ᠥᠲᠡᠯᠬᠦᠢ ‍ᠶ᠋ᠢᠨ ᠤᠷᠢᠳᠠ ᠵᠠᠯᠠᠭᠤ ᠴᠠᠭ ᠲᠣᠷ ᠡᠷᠳᠡᠮ ‍ᠢ ᠬᠢᠴᠢᠶᠡ
   ᠦᠬᠦᠬᠦ ‍ᠶ᠋ᠢᠨ ᠤᠷᠢᠳᠠ ᠠᠮᠢᠳᠤ ᠴᠠᠭ ᠲᠣᠷ ᠪᠤᠶᠠᠨ ‍ᠢ ᠬᠢᠴᠢᠶᠡ
   ᠦᠭᠡᠭᠦᠷᠡᠬᠦᠢ ‍ᠶ᠋ᠢᠨ ᠤᠷᠢᠳᠠ ᠪᠠᠶᠠᠨ ᠴᠠᠭ ᠲᠣᠷ  ᠦᠭᠯᠢᠭ ‍ᠢ ᠬᠢᠴᠢᠶᠡ

         ᠭᠤᠷᠪᠠᠨ ᠬᠠᠷ᠎ᠠ
   ᠥᠭᠡᠬᠦ ᠲᠣᠰᠣ ᠪᠠᠷ ᠴᠢᠮᠡᠪᠡᠴᠦ ᠲᠣᠭᠣᠬ᠋᠎ᠠ ᠬᠠᠷ᠎ᠠ
   ᠣᠲᠣᠨ ᠮᠡᠴᠢᠳ ᠶ᠋ᠢᠠᠷ ᠴᠢᠮᠡᠪᠡᠴᠦ ᠰᠥᠨᠢ ᠬᠠᠷ᠎ᠠ
   ᠠᠯᠲᠠ ᠮᠥᠩᠭᠥ ᠪᠡᠷ ᠴᠢᠮᠡᠪᠡᠴᠦ ᠦᠰᠦ ᠬᠠᠷ᠎ᠠ
      
          ᠭᠤᠷᠪᠠᠨ ᠪᠠᠷᠠᠭᠠᠨ
   ᠥᠨᠥᠴᠢᠨ ᠬᠦᠮᠦᠨ ᠪ ᠪᠣᠲᠣᠯᠬ᠋᠎ᠠ ᠨᠢᠭᠡ ᠪᠠᠷᠠᠭᠠᠨ
   ᠡᠷᠲᠡᠮ ᠦᠭᠡᠢ ᠬᠦᠮᠦᠨ ᠪ ᠲᠠᠷᠢᠬᠢ ᠨᠢᠭᠡ ᠪᠠᠷᠠᠭᠠᠨ
   ᠮᠠᠯ ᠦᠭᠡᠢ ᠠᠶ᠋ᠢᠯ ᠦ᠋ᠨ ᠬᠣᠲᠠ ᠨᠢᠭᠡ ᠪᠠᠷᠠᠭᠠᠨ
      
           ᠭᠤᠷᠪᠠᠨ ᠣᠯᠠᠨ
   ᠥᠰᠢᠬᠦ ᠬᠦᠮᠦᠨ ᠪ ᠵᠠᠨᠤᠯᠲᠠ ᠨᠢᠭᠡ ᠣᠯᠠᠨ
   ᠥᠨᠥᠴᠢᠨ ᠬᠡᠦᠬᠡᠳ ᠦ᠋ᠨ ᠨᠣᠶᠠᠨ ᠨᠢᠭᠡ ᠣᠯᠠᠨ
   ᠡᠲᠤᠷ ᠦ᠋ᠨ ᠲᠣᠭᠣᠭᠠᠨ ᠪ ᠥᠮᠴᠢ ᠨᠢᠭᠡ ᠣᠯᠠᠨ
      
          ᠭᠤᠷᠪᠠᠨ ᠢᠴᠢᠩᠭᠦᠷᠢ
   ᠥᠩᠭᠡ ᠵᠢᠰᠦᠨ ‍ᠳᠦ ᠤᠨᠠᠭᠰᠠᠨ ᠬᠠᠳ ᠨᠣᠶᠠᠳ ᠢᠴᠢᠩᠭᠦᠷᠢ
   ᠦᠷ᠎ᠡ ᠬᠡᠦᠬᠡᠳ ᠶ᠋ᠢᠡᠨ ᠭᠣᠯᠣᠭᠰᠠᠨ ᠡᠴᠢᠭᠡ ᠡᠬᠡ ᠢᠴᠢᠩᠭᠦᠷᠢ
   ᠥᠲᠡᠯᠦᠭᠡ ᠨᠠᠰᠤᠲᠠᠨ ᠶ᠋ᠢᠠᠨ ᠭᠣᠮᠣᠲᠠᠭᠠᠭᠰᠠᠨ ᠦᠷ᠎ᠡ ᠠᠴᠢ ᠢᠴᠢᠩᠭᠦᠷᠢ
      
          ᠭᠤᠷᠪᠠᠨ ᠦᠨᠡᠨ
   ᠥᠰᠢᠶᠡᠲᠡᠨ ᠠᠷᠢᠯᠪᠠᠯ ᠰᠠᠶ᠋ᠢᠨ ᠊ᠢ ᠣᠯᠵᠤ ᠦᠵᠡᠬᠦ ᠦᠨᠡᠨ
   ᠡᠪᠡᠤᠠᠴᠢᠨ ᠠᠷᠢᠯᠪᠠᠯ  ᠵᠢᠷᠭᠠᠯ ᠊ᠢ ᠣᠯᠵᠤ ᠦᠵᠡᠬᠦ ᠦᠨᠡᠨ
   ᠡᠭᠦᠯᠡ ᠠᠷᠢᠯᠪᠠᠯ  ᠨᠠᠷᠠ ᠊ᠢ ᠣᠯᠵᠤ ᠦᠵᠡᠬᠦ ᠦᠨᠡᠨ
      
         ᠭᠤᠷᠪᠠᠨ ᠲᠦᠰᠢᠶ᠎ᠡ
   ᠥᠨᠲᠥᠷ ᠮᠣᠲᠣ ᠠᠶ᠋ᠢᠯ ᠡᠷᠦᠬᠡ ᠳ᠋ᠡᠭᠡᠨ ᠲᠦᠰᠢᠶ᠎ᠡ
   ᠡᠪᠦᠭᠡᠳ ᠬᠥᠭᠰᠢᠳ ᠦᠷ᠎ᠡ ᠬᠡᠦᠬᠡᠳ ᠲᠡᠬᠡᠨ ᠲᠦᠰᠢᠶ᠎ᠡ
   ᠡᠭᠦᠯᠡ ᠮᠠᠨᠠᠨ ᠬᠤᠷ᠎ᠠ ᠪᠣᠷᠣᠭᠠᠨ ᠳ᠋ᠠᠭᠠᠨ ᠲᠦᠰᠢᠶ᠎ᠡ
      
         ᠭᠤᠷᠪᠠᠨ ᠬᠠᠶ᠋ᠢᠷᠠᠬᠠᠨ
   ᠥᠲᠡᠯᠬᠦ ᠡᠴᠡ ᠨᠠᠰᠤ ᠪᠡᠶ᠎ᠡ ᠨᠢᠭᠡ ᠬᠠᠶ᠋ᠢᠷᠠᠬᠠᠨ
   ᠦᠬᠦᠬᠦ ᠡᠴᠡ ᠠᠮᠢ ᠭᠣᠣᠯ ᠨᠢᠭᠡ ᠬᠠᠶ᠋ᠢᠷᠠᠬᠠᠨ
   ᠦᠭᠡᠶ᠋ᠢᠷᠡᠬᠦ ᠡᠴᠡ ᠡᠳ᠋ ᠠᠰᠢᠬ ᠨᠢᠭᠡ ᠬᠠᠶ᠋ᠢᠷᠠᠬᠠᠨ
       
         ᠭᠤᠷᠪᠠᠨ ᠶᠡᠬᠡ
   ᠥᠲᠡᠯᠦᠭᠡ ᠬᠦᠮᠦᠨ ᠪ ᠠᠭᠤᠷ ᠨᠢᠭᠡ ᠶᠡᠬᠡ
   ᠦᠷᠢᠶ᠎ᠡ ᠮᠣᠷᠢᠨ ᠪ ᠠᠭᠠᠰᠢ ᠨᠢᠭᠡ ᠶᠡᠬᠡ
   ᠥᠰᠢᠶᠡᠲᠦ ᠬᠦᠮᠦᠨ ᠪ ᠬᠣᠣᠷ ᠨᠢᠭᠡ ᠶᠡᠬᠡ
      
         ᠭᠤᠷᠪᠠᠨ ᠰᠠᠶ᠋ᠢᠬᠠᠨ
   ᠥᠭᠡᠲᠡᠩ ᠴᠡᠴᠡᠭ ᠦ᠋ᠨ ᠥᠩᠭᠡ ᠨᠢᠭᠡ ᠰᠠᠶ᠋ᠢᠬᠠᠨ
   ᠡᠪᠦᠯ ᠴᠠᠭ ᠦ᠋ᠨ ᠴᠠᠰᠤᠨ ᠪ ᠥᠩᠭᠡ ᠨᠢᠭᠡ ᠰᠠᠶ᠋ᠢᠬᠠᠨ
   ᠥᠷᠯᠥᠭᠡ ᠶ᠋ᠢᠨ ᠨᠠᠷᠠᠨ ᠪ ᠥᠩᠭᠡ ᠨᠢᠭᠡ ᠰᠠᠶ᠋ᠢᠬᠠᠨ
      
          ᠭᠤᠷᠪᠠᠨ ᠴᠠᠭᠠᠨ
   ᠦᠷ ᠴᠠᠭ ᠲᠤ ᠴᠣᠯᠮᠣᠨ ᠨᠢᠭᠡ ᠴᠠᠭᠠᠨ
   ᠡᠪᠦᠯ ᠴᠠᠭ ᠲᠤ ᠴᠠᠰᠤ ᠨᠢᠭᠡ ᠴᠠᠭᠠᠨ
   ᠦᠬᠦᠬᠦ ᠴᠠᠭ ᠲᠤ ᠶᠠᠰᠤ ᠨᠢᠭᠡ ᠴᠠᠭᠠᠨ
      
          ᠭᠤᠷᠪᠠᠨ ᠦᠭᠡᠢ
   ᠥᠪᠡᠷ ᠦ᠋ᠨ ᠰᠡᠭᠦᠲᠡᠷ ᠡᠴᠡ ᠪᠡᠨ ᠳᠤᠲᠠᠭᠠᠵᠤ ᠭᠠᠷᠬᠤ ᠦᠭᠡᠢ
   ᠦᠢᠯᠡᠳᠦᠭᠰᠡᠨ ᠬᠡᠷᠡᠭ ᠡᠴᠡ ᠪᠡᠨ ᠪᠤᠯᠲᠠᠵᠤ ᠴᠢᠲᠠᠬᠤ ᠦᠭᠡᠢ
   ᠦᠮᠡᠬᠡᠢ ᠬᠦᠷᠡᠨ᠎ᠡ ᠦᠨᠦᠷ ᠡᠴᠡ ᠪᠡᠨ ᠵᠠᠶ᠋ᠢᠯᠠᠵᠤ ᠴᠢᠲᠠᠬᠤ ᠦᠭᠡᠢ

         ᠭᠤᠷᠪᠠᠨ ᠠᠮᠠᠷᠠᠬᠤ
   ᠥᠷᠢ ᠲᠡᠢ ᠬᠥᠮᠦᠨ ᠥᠭᠴᠦ ᠨᠢᠭᠡ ᠠᠮᠠᠷᠠᠬᠤ
   ᠦᠷ᠎ᠡ ᠲᠡᠢ ᠬᠥᠮᠦᠨ ᠥᠰᠬᠡᠵᠦ ᠨᠢᠭᠡ ᠠᠮᠠᠷᠠᠬᠤ
   ᠡᠪᠡᠤᠠᠴᠢᠨ ᠲᠡᠢ ᠬᠥᠮᠦᠨ ᠦᠬᠦᠵᠦ ᠨᠢᠭᠡ ᠠᠮᠠᠷᠠᠬᠤ
      
         ᠭᠤᠷᠪᠠᠨ ᠳᠡᠭᠡᠷ᠎ᠡ
   ᠥᠰᠬᠦ ‍ᠳᠦ ᠵᠣᠪᠠᠯᠠᠩ ᠊ᠢ ᠦᠵᠡᠬᠦ ᠨᠢ ᠳᠡᠭᠡᠷ᠎ᠡ
   ᠥᠲᠡᠯᠬᠦ ‍ᠳᠦ ᠵᠢᠷᠭᠠᠯ ᠊ᠢ ᠦᠵᠡᠬᠦ ᠨᠢ ᠳᠡᠭᠡᠷ᠎ᠡ
   ᠦᠬᠦᠬᠦ ‍ᠳᠦ ᠲᠡᠷᠭᠡᠯ ᠊ᠢ ᠦᠵᠡᠬᠦ ᠨᠢ ᠳᠡᠭᠡᠷ᠎ᠡ
                
          ᠭᠤᠷᠪᠠᠨ ᠬᠡᠷᠡᠭᠲᠡᠢ
   ᠥᠲᠡᠯᠬᠦ ‍ᠳᠦ ᠦᠷ᠎ᠡ ᠨᠢᠭᠡ ᠬᠡᠷᠡᠭᠲᠡᠢ
   ᠡᠮᠦᠰᠬᠦ ‍ᠳᠦ ᠳᠡᠪᠡᠯ ᠨᠢᠭᠡ ᠬᠡᠷᠡᠭᠲᠡᠢ
   ᠥᠯᠥᠰᠬᠦ ‍ᠳᠦ ᠬᠣᠭᠣᠯᠠ ᠨᠢᠭᠡ ᠬᠡᠷᠡᠭᠲᠡᠢ
      
         ᠭᠤᠷᠪᠠᠨ ᠮᠡᠲᠡᠬᠦ ᠦᠭᠡᠢ
   ᠥᠷᠢ ᠶᠡᠬᠡᠤᠠᠪᠡᠯ ᠬᠣᠯᠬᠢᠬᠤ ᠶ᠋ᠢ ᠮᠡᠲᠡᠬᠦ ᠦᠭᠡᠢ
   ᠪᠥᠭᠡᠰᠦ ᠶᠡᠬᠡᠤᠠᠪᠡᠯ ᠬᠠᠵᠠᠬᠤ ᠶ᠋ᠢ ᠮᠡᠲᠡᠬᠦ ᠦᠭᠡᠢ
   ᠦᠰ ᠶᠡᠬᠡᠤᠠᠪᠡᠯ ᠦᠬᠦᠬᠦ ᠶ᠋ᠢ ᠮᠡᠲᠡᠬᠦ ᠦᠭᠡᠢ
      
         ᠭᠤᠷᠪᠠᠨ ᠵᠣᠯᠭᠠᠬᠤ
   ᠥᠷᠢ ᠲᠡᠢ ᠬᠥᠮᠦᠨ ᠵᠡᠭᠡᠯᠢ ᠳᠡᠭᠡᠷ᠎ᠡ ᠵᠣᠯᠭᠠᠬᠤ
   ᠥᠰᠢᠶ᠎ᠡ ᠲᠡᠢ ᠬᠥᠮᠦᠨ ᠪᠣᠯᠵᠣᠭᠠᠨ ᠳᠡᠭᠡᠷ᠎ᠡ ᠵᠣᠯᠭᠠᠬᠤ
   ᠥᠮᠴᠢ ᠲᠡᠢ ᠬᠥᠮᠦᠨ ᠠᠰᠢᠬ ᠳᠡᠭᠡᠷ᠎ᠡ ᠵᠣᠯᠭᠠᠬᠤ
       
         ᠭᠤᠷᠪᠠᠨ ᠬᠠᠶ᠋ᠢᠷᠠᠲᠠᠢ
   ᠥᠯᠥᠭᠴᠢᠨ ᠴᠢᠨᠣ᠎ᠠ ᠪᠡᠯᠲᠡᠷᠭᠡ ᠳ᠋ᠡᠭᠡᠨ ᠬᠠᠶ᠋ᠢᠷᠠᠲᠠᠢ
   ᠡᠪᠦᠭᠡᠨ ᠬᠦᠮᠦᠨ ᠡᠮ᠎ᠡ ᠳ᠋ᠡᠭᠡᠨ ᠬᠠᠶ᠋ᠢᠷᠠᠲᠠᠢ
   ᠦᠪᠦᠭᠡᠯᠵᠢᠨ ᠰᠢᠪᠠᠭᠤ ᠥᠨᠲᠡᠭᠡᠨ ᠳ᠋ᠡᠭᠡᠨ ᠬᠠᠶ᠋ᠢᠷᠠᠲᠠᠢ
      
         ᠭᠤᠷᠪᠠᠨ ᠪᠠᠶ᠋ᠢᠬᠤ ᠦᠭᠡᠢ
   ᠦᠨᠡᠨ ᠦᠬᠡᠨ ‍ᠳᠦ ᠣᠶ᠋ᠢᠯᠭᠤᠷ ᠪᠠᠶ᠋ᠢᠬᠤ ᠦᠭᠡᠢ
   ᠦᠬᠡᠷ ᠦ᠋ᠨ ᠡᠪᠡᠷ ᠲᠤ ᠴᠢᠰᠤ ᠪᠠᠶ᠋ᠢᠬᠤ ᠦᠭᠡᠢ
   ᠦᠦᠮᠡᠯ ᠮᠣᠲᠣᠨ ‍ᠳᠦ ᠨᠠᠪᠴᠢ ᠪᠠᠶ᠋ᠢᠬᠤ ᠦᠭᠡᠢ 

         
         ᠭᠤᠷᠪᠠᠨ ᠢᠯᠭᠠᠬᠤ ᠦᠭᠡᠢ 
   ᠦᠶᠡᠷ ᠦ᠋ᠨ ᠤᠰᠤ ᠢᠷᠡᠪᠡᠯ  ᠡᠭᠦᠲᠡ ᠬᠣᠶ᠋ᠢᠮᠣᠷ ᠢᠯᠭᠠᠬᠤ ᠦᠭᠡᠢ 
   ᠦᠬᠦᠯ ᠦ᠋ᠨ ᠡᠵᠡᠳ ᠢᠷᠡᠪᠡᠯ ᠬᠥᠭᠰᠢᠨ ᠵᠠᠯᠠᠭᠤ ᠢᠯᠭᠠᠬᠤ ᠦᠭᠡᠢ
   ᠥᠯᠥᠨ ᠴᠢᠨᠣ᠎ᠠ ᠢᠷᠡᠪᠡᠯ ᠢᠰᠢᠭᠡ ᠬᠤᠷᠠᠬ᠋᠎ᠠ ᠢᠯᠭᠠᠬᠤ ᠦᠭᠡᠢ
  
          ᠭᠤᠷᠪᠠᠨ ᠳᠡᠭᠡᠷ᠎ᠡ
   ᠦᠰᠦᠨ ᠪ ᠬᠢᠨᠢ ᠬᠠᠷ᠎ᠠ ᠨᠢ ᠨᠢᠭᠡ ᠳᠡᠭᠡᠷ᠎ᠡ
   ᠰᠢᠲᠦᠨ ᠪ ᠬᠢᠨᠢ ᠴᠠᠭᠠᠨ ᠨᠢ ᠨᠢᠭᠡ ᠳᠡᠭᠡᠷ᠎ᠡ
   ᠦᠭᠡᠨ ᠪ ᠬᠢᠨᠢ ᠮᠡᠷᠭᠡᠨ ᠨᠢ ᠨᠢᠭᠡ ᠳᠡᠭᠡᠷ᠎ᠡ

          ᠭᠤᠷᠪᠠᠨ ᠠᠲᠠᠯᠢ
   ᠦᠵᠡᠬᠦ ᠳᠦᠷᠢ ᠨᠢ ᠲᠣᠲᠢ ᠲᠣᠭᠣᠰ ᠠᠲᠠᠯᠢ
   ᠦᠨᠡᠨ ᠮᠡᠲᠡᠯᠭᠡ ᠨᠢ ᠱᠠᠯᠪᠠᠭ ᠨᠠᠮᠤᠭ ᠠᠲᠠᠯᠢ
   ᠦᠢᠯᠡ ᠪᠦᠲᠦᠭᠡᠯ ᠨᠢ ᠬᠤᠮᠠᠭ ᠰᠢᠷᠣᠢ ᠠᠲᠠᠯᠢ

          ᠭᠤᠷᠪᠠᠨ ᠪᠣᠯᠬᠤ
   ᠦᠭᠡ ᠰᠥᠷᠪᠡᠯ ᠬᠡᠷᠡᠭᠦᠯ ᠪᠣᠯᠬᠤ
   ᠡᠪᠡᠤᠠᠴᠢᠨ ᠰᠥᠷᠪᠡᠯ ᠦᠬᠦᠯ ᠪᠣᠯᠬᠤ
   ᠡᠭᠦᠯᠡ ᠰᠥᠷᠪᠡᠯ ᠪᠣᠷᠣᠭᠠᠨ ᠪᠣᠯᠬᠤ

          ᠭᠤᠷᠪᠠᠨ ᠭᠠᠷᠲᠠᠭ
    ᠦᠨᠡᠲᠦ ᠡᠷᠲᠡᠨᠢ ᠭᠠᠵᠠᠷ ᠠ᠋ᠴᠠ ᠭᠠᠷᠲᠠᠭ
    ᠥᠷᠭᠡᠨ ᠮᠡᠲᠡᠯᠭᠡ ᠦᠢᠯᠡᠲᠦᠯᠭᠡ ᠡᠴᠡ ᠭᠠᠷᠲᠠᠭ
    ᠥᠩᠭᠡᠲᠦ ᠣᠲᠣ ᠲᠩᠷᠢ ᠡᠴᠡ ᠭᠠᠷᠲᠠᠭ

          ᠭᠤᠷᠪᠠᠨ ᠡᠷᠲᠡᠨᠢ
   ᠥᠷᠥᠰᠢᠶᠡᠯᠲᠦ ᠰᠠᠶ᠋ᠢᠨ ᠡᠵᠡᠨ ᠤᠯᠤᠰ ᠦ᠋ᠨ ᠡᠷᠲᠡᠨᠢ
   ᠤᠬᠠᠭᠠᠨᠲᠤ ᠰᠠᠶ᠋ᠢᠨ ᠲᠦᠰᠢᠮᠡᠯ ᠲᠥᠷᠥ ᠶ᠋ᠢᠨ ᠡᠷᠲᠡᠨᠢ
   ᠡᠯᠪᠡᠷᠢᠯᠲᠦ ᠰᠠᠶ᠋ᠢᠨ ᠪᠡᠷᠢ ᠭᠡᠷ ᠦ᠋ᠨ ᠡᠷᠲᠡᠨᠢ

         ᠭᠤᠷᠪᠠᠨ ᠵᠣᠪᠠᠯᠠᠩ
   ᠦᠶᠡᠰ ᠊ᠢ ᠠᠯᠲᠠᠪᠠᠰᠤ ᠦᠯᠢᠤᠠᠬᠡᠰᠢ ᠦᠭᠡᠢ ᠵᠣᠪᠠᠯᠠᠩ
   ᠥᠷᠥᠰᠢᠶᠡᠯ ᠊ᠢ ᠤᠮᠠᠷᠲᠠᠪᠠᠰᠤ ᠦᠵᠦᠭᠦᠷ ᠦᠭᠡᠢ ᠵᠣᠪᠠᠯᠠᠩ
   ᠦᠨᠡᠨ ᠊ᠢ ᠰᠥᠷᠪᠡᠰᠦ ᠦᠷᠭᠦᠯᠵᠢ ᠶ᠋ᠢᠨ ᠵᠣᠪᠠᠯᠠᠩ


       ᠦᠰᠦᠭ ᠠᠮᠢᠯᠠᠭᠤᠯᠤᠭᠴᠢ ᠄    ᠳ᠋ᠦ᠋ᠩ ᠹᠧᠩ ᠂  ᠬᠠᠷᠠᠨᠤᠳ ᠲᠤᠶᠠᠭ᠎ᠠ ᠂ ᠮᠢᠩᠭᠠᠳ ᠴᠢᠮᠡᠭ ᠂   ᠬᠠᠲᠠᠴᠢ ᠤᠷᠠᠨ᠎ᠠ 
           ᠬᠢᠨᠠᠭᠴᠢ ᠄   ᠮᠢᠩᠭᠠᠳ ᠴᠢᠮᠡᠭ ᠂   ᠬᠠᠷᠠᠨᠤᠳ ᠲᠤᠶᠠᠭ᠎ᠠ