ᠥᠨᠳᠥᠷᠯᠢᠭ ᠦᠨ ᠥᠩᠭᠡᠲᠦ ᠵᠡᠭᠦᠳᠦ 〈 ᠮᠥᠴᠡᠯᠬᠡ ᠬᠣᠶᠠᠷ 〉- ᠲ ᠂ ᠭᠣᠮᠪᠣᠵᠠᠪ Өндөрлөгийн өнгөт зүүд 〈 Мөчлөг хоёр 〉 - Т ᠂ Гомбожав
ᠥᠨᠳᠥᠷᠯᠢᠭ ᠦᠨ ᠥᠩᠭᠡᠲᠦ ᠵᠡᠭᠦᠳᠦ 〈 ᠮᠥᠴᠡᠯᠬᠡ ᠬᠣᠶᠠᠷ 〉
ᠬᠠᠮᠢᠯ ᠤᠨ ᠳᠤᠷᠠᠳᠬᠠᠯ
ᠭᠠᠨᠳᠢᠭ ᠴᠢᠯᠠᠭᠤ ᠬᠢᠰᠬᠢᠵᠤ
ᠭᠤᠸ᠎ᠠ ᠲᠡᠪᠡᠷᠢᠭᠰᠡᠨ ᠤᠶ᠋ᠢᠭᠤᠷ ᠭᠡᠤᠭᠡᠨ᠂ ᠴᠠᠭ ᠳᠦᠭᠦᠷᠡᠩ ᠢᠨᠢᠶᠡᠮᠰᠦᠭᠯᠡᠨ᠎ᠡ
ᠭᠡᠴᠢᠨᠡᠨ ᠠᠯᠬᠤᠭᠰᠠᠨ ᠴᠦ᠍ ᠪᠠᠭᠤᠵᠤ ᠴᠢᠳᠠᠬᠤ ᠥᠬᠡᠢ
ᠭᠡᠰᠡᠭᠬᠡᠨ ᠴᠢᠯᠠᠭᠤᠨ ᠠᠴᠠ ᠪᠠᠨ
ᠬᠡᠵᠢᠶ᠎ᠡ ᠴᠦ᠍ ᠭᠡᠰᠡᠨ ᠵᠤᠭᠰᠤᠯ ᠦᠭᠡᠢ
ᠨᠠᠳᠠ ᠤᠷᠤᠭᠤ ᠠᠯᠬᠤᠯᠠᠨ᠎ᠠ ᠪᠢᠯᠡ
ᠡᠮᠦᠨ᠎ᠡ ᠪᠠᠨ ᠲᠡᠪᠡᠷᠢᠭᠰᠡᠨ ᠭᠤᠸ᠎ᠠ ᠶᠢᠨ ᠬᠢᠨᠢ ᠦᠨᠦᠷ ᠨᠢ
ᠦᠳᠡᠰᠢ ᠪᠤᠯᠭᠠᠨ ᠮᠢᠨᠤ ᠳᠡᠷᠭᠡᠲᠡ ᠬᠠᠩᠬᠤᠯᠤᠨ᠎ᠠ ᠠ᠋ ᠁
ᠬᠠᠮᠢᠭᠤᠸᠠ
ᠵᠡᠭᠦᠳᠦᠨ ᠳᠦ ᠮᠢᠨᠢ ᠴᠢ ᠳᠤᠩ ᠠᠮᠲᠠᠲᠠᠢ ᠪᠠᠶ᠋ᠢᠯ᠎ᠠ
ᠵᠡᠭᠦᠳᠦ ᠮᠢᠨᠢ ᠰᠡᠷᠢᠴᠢᠬᠡᠯᠡ
ᠪᠢ ᠲᠠᠷᠭᠤᠨ ᠬᠤᠨᠢᠳ ᠰᠢᠭ᠋ ᠪᠡᠯᠴᠢᠬᠦ
ᠲᠠᠷᠢᠶᠠᠨ ᠳᠤᠮᠳᠠ ᠴᠢᠨᠢ ᠵᠤᠭᠰᠤᠨ᠎ᠠ
ᠭᠡᠲᠡᠯ᠎ᠡ
ᠬᠤᠪᠳᠤᠭᠰᠠᠨ ᠰᠡᠳᠬᠢᠯ ᠬᠤᠷᠤᠮᠬᠠᠨ ᠠᠭᠰᠢᠵᠤ
ᠬᠤᠶᠠᠷ ᠭᠠᠷ ᠮᠢᠨᠢ᠂ ᠴᠢᠮ᠎ᠡ ᠤᠷᠤᠭᠤ
ᠰᠠᠷᠪᠠᠶ᠋ᠢᠭᠰᠠᠨ ᠬᠡᠪ ᠢᠶ᠋ᠠᠷ ᠢᠶ᠋ᠠᠨ ᠴᠡᠴᠡᠷᠡᠴᠢᠯᠡ
ᠨᠠᠳᠠᠳᠤ
ᠭᠠᠩ ᠬᠠᠭᠤᠷᠠᠢ ᠡᠳᠦᠷ ᠬᠤᠨᠤᠭ ᠤᠳ
ᠭᠠᠯ ᠨᠤᠴᠤᠵᠤ ᠬᠠᠷᠠᠭᠳᠠᠨ᠎ᠠ
ᠭᠠᠵᠠᠷ ᠳᠦᠭᠦᠷᠡᠩ
ᠪᠤᠷᠤᠭᠠᠨ ᠳᠤ ᠮᠠᠷᠲᠠᠭᠳᠠᠭᠰᠠᠨ ᠰᠡᠳᠬᠢᠯ ᠦᠳ ᠬᠠᠭᠰᠠᠵᠤ
ᠭᠠᠭᠴᠠᠬᠠᠨ ᠳᠤᠰᠤᠯ ᠦᠷᠦᠪᠳᠦᠯ ᠦᠭᠡᠢ ᠡᠭᠦᠯᠡᠰ ᠰᠢᠷᠲᠡᠨ
ᠡᠬᠡ ᠭᠠᠵᠠᠷ ᠤᠨ ᠦᠨᠦᠴᠢᠨ ᠡᠯᠢᠭᠡ
ᠡᠨᠡ ᠭᠡᠰᠡᠭ
ᠡᠩᠬᠦᠷᠡᠶ᠋ᠢᠯᠡᠯ ᠳᠦ ᠮᠠᠷᠲᠠᠭᠳᠠᠭᠰᠠᠨ ᠰᠢᠷᠦᠢ ᠶᠢᠨ
ᠡᠪᠬᠡᠷᠡᠭᠦᠨ ᠡᠪᠬᠡᠷᠡᠭᠥᠨ ᠭᠤᠨᠢᠭ᠂ ᠴᠢ ᠬᠠᠷᠠᠭᠳᠠᠯ᠎ᠠ ᠠ᠋
ᠴᠢᠮ᠎ᠠ ᠳᠡᠭᠡᠷ᠎ᠡ
ᠪᠢ ᠬᠡᠷᠬᠢᠨ ᠠᠮᠠ ᠬᠦᠷᠴᠦ ᠴᠢᠳᠠᠬᠤ ᠪᠢᠯᠡ ?!
ᠵᠡᠷᠭᠡᠯᠭᠡᠨ
ᠰᠠᠶ᠋ᠢᠬᠠᠨ ᠬᠠᠮᠢᠯ ᠤᠨ ᠠᠷᠤ ᠭᠤᠪᠢ ᠪᠠᠷ
ᠰᠠᠨᠠᠭ᠎ᠠ ᠮᠢᠨᠢ᠂ ᠤᠮᠳᠠᠭᠠᠰᠴᠤ ᠶᠠᠪᠤᠯ᠎ᠠ
ᠨᠠᠷᠠ
ᠭᠠᠯ ᠤᠯᠠᠶ᠋ᠢᠰᠤᠭᠰᠠᠨ ᠲᠦᠮᠡᠨ ᠵᠡᠭᠦᠦ ᠪᠡᠷ ᠭᠠᠵᠠᠷ ᠢ ᠲᠦᠭᠡᠨᠡᠵᠤ
ᠭᠠᠭᠴᠠᠬᠠᠨ ᠨᠠᠪᠴᠢ ᠲᠡᠢ ᠡᠪᠡᠰᠦᠨ ᠤᠷᠤᠢ ᠠᠴᠠ
ᠭᠠᠰᠢᠭᠤᠨ ᠤᠲᠤᠭ᠎ᠠ ᠰᠤᠭᠤᠨᠠᠭᠯᠠᠨ᠎ᠠ
ᠳᠠᠭᠤ ᠬᠠᠭᠰᠠᠮᠠᠷ ᠡᠨᠡ ᠭᠠᠵᠠᠷ ᠤᠨ
ᠳᠤᠭᠤᠯᠠᠩ ᠵᠠᠶᠠᠭᠠᠨ ᠳᠤ ᠭᠤᠨᠢᠭᠯᠠᠵᠤ
ᠳᠤᠭᠤᠶ᠋ᠢᠬᠠᠨ ᠪᠤᠳᠤᠯ
ᠳᠤᠪᠤ ᠬᠦᠳᠦᠯ ᠦᠨ ᠡᠩᠭᠡᠷ ᠰᠤᠭᠤ ᠪᠠᠷ ᠭᠦᠰᠡᠯ ᠨᠡᠩᠵᠢᠨ ᠶᠠᠪᠤᠬᠤ ᠳᠤ
ᠤᠰᠤ ᠦᠵᠡᠭᠲᠡᠯᠡ
ᠤᠰᠤ ᠯᠡ ᠦᠵᠡᠭᠲᠡᠯᠡ ᠡ !
ᠤᠰᠤ ᠦᠨᠡᠬᠡᠷ ᠦᠵᠡᠭᠳᠡᠯ᠎ᠡ ᠭᠡᠪᠡᠴᠤ ᠪᠢ
ᠤᠷᠤᠭᠰᠢ ᠤᠴᠢᠬᠤ ᠠᠴᠠ ᠪᠠᠨ ᠳᠠᠲᠠᠭᠠᠯᠵᠠᠨᠠ
ᠤᠴᠢᠷ ᠨᠢ
ᠤᠯᠠᠭᠠᠨ ᠬᠠᠯᠴᠠᠭᠠᠢ ᠡᠨᠡ ᠭᠠᠵᠠᠷ ᠲᠠᠬᠢ
ᠤᠷᠠᠨ ᠡᠨᠳᠡᠭᠦᠷᠡᠯ ᠮᠢᠨᠢ ᠦᠨᠡᠲᠡᠢ ᠪᠢᠯᠡ ᠠ᠋
ᠡᠷᠲᠡᠨ ᠦ ᠪᠤᠯᠠᠰᠢᠨ ᠰᠦᠷᠦᠭ ᠢ ᠲᠤᠭᠤᠷᠢᠨ ᠦᠵᠡᠭᠰᠡᠨ ᠲᠦᠷᠦᠭᠳᠡᠯ
ᠡᠷ᠎ᠡ ᠪᠤᠷᠤ ᠬᠠᠷᠴᠠᠭᠠᠢ ᠶᠢᠨ ᠰᠦᠷᠦᠭ
ᠡᠨᠳᠡ ᠤᠨᠲᠠᠪᠠ
ᠬᠡᠯᠡᠬᠦ ᠭᠡᠳ
ᠬᠡᠯᠡᠵᠤ ᠵᠠᠪᠳᠤᠭ᠎ᠠ ᠦᠭᠡᠢ ᠦᠭᠡᠰ ᠨᠢ
ᠭᠡᠪᠲᠡᠭᠡᠳ ᠪᠤᠰᠴᠤ ᠴᠢᠳᠠᠭ᠎ᠠ ᠦᠭᠡᠢ
ᠬᠡᠭᠦᠷ ᠲᠠᠢ ᠪᠠᠨ ᠬᠠᠮᠲᠤ
ᠬᠡᠳᠦᠨ ᠮᠢᠩᠭᠠᠨ ᠵᠢᠯ ᠠᠮᠤᠰᠬᠢᠯᠠ
ᠦᠨᠦᠳᠦᠷ᠂ ᠲᠡᠷᠡ
ᠥᠷᠭᠡᠯᠡᠭᠰᠡᠨ ᠨᠣᠶ᠋ᠢᠷ ᠠᠴᠠ ᠪᠠᠨ ᠭᠡᠨᠡᠳᠲᠡ ᠰᠡᠷᠢᠪᠡ
ᠦᠭᠡᠰ ᠨᠢ᠂ ᠦᠷᠭᠦᠭᠰᠡᠨ ᠤᠯᠠᠨ ᠰᠢᠪᠠᠭᠤᠳ
ᠠᠭᠠᠷ ᠳᠦᠭᠦᠷᠡᠩ ᠪᠤᠲᠠᠷᠠᠨ᠎ᠠ ᠁
ᠬᠡᠨ ᠴᠦ᠍ ᠣᠶ᠋ᠢᠯᠠᠭᠠᠬᠤ ᠦᠭᠡᠢ ᠠ᠋ !
ᠵᠠᠯᠠᠭᠤ ᠰᠢᠯᠦᠭᠴᠢᠳ ᠦᠨ ᠴᠣᠪᠣᠷᠠᠯ ᠪᠢᠴᠢᠭ᠌
< ᠢᠷᠡᠬᠦ ᠵᠠᠭᠤᠨ ᠤ ᠬᠣᠩᠬᠣᠨ ᠳᠠᠭᠤᠨ > ᠡᠴᠡ ᠬᠠᠭᠤᠯᠪᠠ᠃
ᠦᠰᠦᠭ ᠠᠮᠢᠯᠠᠭᠤᠯᠤᠭᠰᠠᠨ ᠨᠢ᠄ ᠴᠤᠯᠮᠤᠨᠲᠤᠶᠠᠭ᠎ᠠ
