ᠡᠵᠢ ᠨᠤᠲᠤᠭ ᠬᠣᠶᠠᠷ ᠮᠢᠨᠢ - ᠨᠠᠷᠠᠨᠭᠡᠷᠡᠯ Ээж нутаг хоёр минь - Нарангэрэл
ᠡᠵᠢ ᠨᠤᠲᠤᠭ ᠬᠣᠶᠠᠷ ᠮᠢᠨᠢ
ᠨᠠᠷᠠᠨᠭᠡᠷᠡᠯ
ᠬᠥᠮᠦᠨ ᠪ ᠡᠵᠢ ᠬᠥᠭᠵᠢᠮ ᠳᠠᠭᠤᠤ ᠲᠠᠢ ᠠᠪᠢᠶᠠᠰᠲᠠᠨ ᠴᠦ᠍ ᠪᠣᠯᠤᠭ
ᠬᠦᠦ ᠪᠡᠨ ᠬᠠᠶ᠋ᠢᠷᠠᠯᠠᠵᠤ ᠰᠤᠷᠭᠠᠲᠠᠭ ᠡᠷᠲᠡᠮᠲᠡᠨ ᠴᠦ᠍ ᠪᠣᠯᠤᠭ !
ᠬᠥᠲᠥᠰᠥᠨ ᠳᠡᠪᠡᠯ ᠲᠡᠢ ᠬᠥᠭᠡᠷᠦᠬᠦᠢ ᠡᠵᠢ ᠮᠢᠨᠢ
ᠬᠦᠦ ᠨᠠᠲᠠ ᠳ᠋ᠠᠭᠠᠨ ᠬᠠᠮᠤᠭ ᠢᠯᠡᠭᠦᠦ ᠬᠠᠶ᠋ᠢᠷᠠᠲᠠᠢ !
ᠤᠰᠤ ᠨᠢ ᠪᠤᠯᠠᠩᠭᠢᠷᠲᠤᠭᠰᠠᠨ ᠨᠠᠭᠤᠷ ᠭᠣᠣᠯ ᠲᠠᠢ ᠴᠦ᠍ ᠪᠣᠯᠤᠭ
ᠥᠰᠴᠦ ᠲᠥᠷᠥᠭᠰᠡᠨ ᠨᠤᠲᠤᠭ ᠦ᠋ᠨ ᠮᠢᠨᠢ ᠰᠢᠷᠣᠢ ᠠᠯᠲᠠ !
ᠦᠰᠦ ᠨᠢ ᠪᠤᠭᠤᠷᠤᠯᠲᠤᠵᠤ ᠂ ᠥᠲᠡᠯᠵᠦ ᠳᠣᠷᠣᠶ᠋ᠢᠳᠠᠭᠰᠨᠨ ᠴᠦ᠍ ᠪᠣᠯᠤᠭ
ᠤᠭᠤᠷᠠᠭ ᠶ᠋ᠢᠠᠨ ᠰᠢᠮᠡᠭᠦᠯᠦᠭᠰᠡᠨ ᠡᠵᠢ ᠮᠢᠨᠢ ᠨᠠᠲᠠ ᠳ᠋ᠠᠭᠠᠨ ᠲᠠᠭᠢᠨᠢ ᠡ !
ᠬᠥᠮᠦᠨ ᠪ ᠨᠤᠲᠤᠭ ᠦ᠋ᠨ ᠰᠠᠶ᠋ᠢᠬᠠᠨ ᠪᠦᠬᠦᠨ ᠊ᠢ ᠦᠵᠡᠭᠰᠡᠨ ᠴᠦ᠍
ᠬᠡᠦᠬᠡᠳ ᠨᠠᠰᠤᠨ ᠠ᠋ᠴᠠ ᠮᠢᠨᠢ ᠡᠭᠡᠯᠢᠲᠡᠢ ᠥᠰᠭᠡᠭᠰᠡᠨ ᠨᠤᠲᠤᠭ ᠶ᠋ᠢᠠᠨ ᠪᠢ ᠰᠠᠨᠠᠬᠤ ᠶᠤᠮ !
ᠬᠦᠰᠡᠯ ᠦ᠋ᠨ ᠰᠠᠶ᠋ᠢᠬᠠᠨ ᠳ᠋ᠠᠭᠠᠨ ᠪᠠᠶᠠᠰᠴᠤ ᠂ ᠴᠡᠩᠭᠡᠵᠦ ᠶᠠᠪᠤᠭᠰᠠᠨ ᠴᠦ᠍
ᠬᠥᠨᠲᠥᠲᠥ ᠬᠠᠶ᠋ᠢᠷᠠᠲᠤ ᠡᠵᠢ ᠶ᠋ᠢ ᠪᠡᠨ ᠳᠠᠩᠳᠠ ᠪᠠᠨ ᠰᠠᠨᠠᠬᠤ ᠶᠤᠮ !
ᠭᠠᠵᠠᠷ ᠦ᠋ᠨ ᠬᠣᠯᠠ ᠶ᠋ᠢ ᠲᠣᠪᠴᠢᠯᠠᠭᠰᠠᠨ ᠭᠠᠩᠭᠠᠩ ᠰᠠᠶ᠋ᠢᠬᠠᠨ ᠮᠠᠰᠢᠨ ᠲᠠᠢ ᠴᠦ᠍
ᠭᠠᠨᠵᠤᠬ᠋ᠠ ᠰᠡᠵᠢᠯᠡᠮᠡ ᠵᠢᠷᠣᠬ᠋᠎ᠠ ᠲᠠᠢ ᠣᠮᠣᠭᠯᠠᠩ ᠬᠥᠯᠥᠭ ᠦ᠋ᠳ ᠶ᠋ᠢᠠᠨ ᠰᠠᠨᠠᠬᠤ ᠶᠤᠮ
ᠭᠠᠶ᠋ᠢᠬᠠᠮᠰᠢᠬᠲᠤ ᠰᠠᠶ᠋ᠢᠬᠠᠨ ᠬᠣᠲᠠ ᠳ᠋ᠦ᠍ ᠠᠮᠢᠲᠤᠷᠠᠵᠤ ᠵᠢᠷᠭᠠᠭᠰᠠᠨ ᠴᠦ᠍
ᠭᠠᠲᠠᠨ᠎ᠠ ᠪᠠᠨ ᠰᠠᠷᠠᠪᠴᠢᠯᠠᠨ ᠬᠦᠯᠢᠶᠡᠭᠰᠡᠨ ᠰᠠᠶ᠋ᠢᠬᠠᠨ ᠡᠵᠢ ᠪᠡᠨ ᠰᠠᠨᠠᠬᠤ ᠶᠤᠮ ᠪᠢ !
ᠦᠰᠦᠭ ᠠᠮᠢᠯᠠᠭᠤᠯᠤᠭᠴᠢ ᠄ ᠣᠤᠠᠬᠠᠨᠴᠡᠴᠡᠭ
ᠬᠢᠨᠠᠭᠴᠢ ᠪᠠᠭᠰᠢ ᠄ ᠠᠭᠤᠯᠠ ᠂ ᠭᠠᠷᠮᠠ᠋ ᠂ ᠤᠶᠠᠬᠠᠨ
