ᠬᠠᠶ᠋ᠢᠷ᠎ᠠ ᠶ᠋ᠢᠨ ᠬᠠᠷᠢᠭᠤ ᠳᠤ ( ᠣᠷᠱᠤᠨ ᠭᠣᠣᠯ ) - ᠦᠭᠡ : ᠸᠴᠢᠷᠵᠠᠪ ᠂ ᠠᠶ᠎ᠠ ᠄ ᠰᠠᠶ᠋ᠢᠨᠴᠤᠭᠲᠤ Хайрын хариуд ( Оршин гол ) – Үг : Очиржав ᠂ Ая ᠄ Сайнцогт
ᠬᠠᠶ᠋ᠢᠷ᠎ᠠ ᠶ᠋ᠢᠨ ᠬᠠᠷᠢᠭᠤ ᠳᠤ
ᠦᠭᠡ ᠄ ᠸᠴᠢᠷᠵᠠᠪ
ᠠᠶ᠎ᠠ ᠄ ᠰᠠᠶ᠋ᠢᠨᠴᠤᠭᠲᠤ
ᠡᠪᠦᠯ ᠵᠤᠨ ᠦᠭᠡᠢ ᠬᠦᠬᠡᠷᠡᠭᠴᠢ
ᠥᠨᠲᠥᠷ ᠠᠭᠤᠯᠠ ᠶ᠋ᠢᠨ ᠨᠠᠷᠠᠰᠤ ᠡ ᠬᠦ᠋
ᠦᠨᠢ ᠡᠭᠦᠷᠢᠲᠡ ᠰᠠᠨᠠᠭᠲᠠᠭᠴᠢ
ᠥᠷᠥᠰᠢᠶᠡᠯᠲᠦ ᠡᠵᠢ ᠶ᠋ᠢᠨ ᠮᠢᠨᠢ ᠠᠴᠢ ᠤᠤ ᠳ᠋ᠠ ᠬᠦ᠋ ᠃
ᠡᠨᠡᠷᠢᠯᠲᠦ ᠶᠡᠬᠡ ᠡᠵᠢ ᠶ᠋ᠢᠨ ᠶ᠋ᠢᠡᠨ
ᠡᠩ ᠦᠭᠡᠢ ᠬᠠᠶ᠋ᠢᠷ᠎ᠠ ᠶ᠋ᠢᠨ ᠬᠠᠷᠢᠭᠤ ᠳ᠋ᠤ᠌
ᠡᠷᠲᠡᠮ ᠦ᠋ᠨ ᠳᠠᠯᠠᠢ ᠶ᠋ᠢ ᠲᠤᠭᠤᠯᠤᠨ᠎ᠠ ᠳ᠋ᠠ ᠃
ᠰᠢᠷᠭᠢᠰᠢ ᠦᠭᠡᠢ ᠲᠤᠨᠤᠯᠵᠠᠭᠴᠢ
ᠴᠡᠩᠬᠡᠷ ᠣᠷᠱᠣᠨ ᠪ ᠳᠤᠯᠭᠢᠶᠠᠨ ᠳ᠋ᠠ ᠂
ᠰᠡᠤᠠᠬᠢᠯ ᠥᠨᠢᠲᠡ ᠬᠠᠲᠠᠭᠲᠠᠭᠴᠢ
ᠴᠢ ᠯᠡ ᠪᠢᠲᠡᠨ ᠪ ᠡᠵᠢ ᠤᠤ ᠳ᠋ᠠ
ᠴᠠᠩ ᠪᠤᠭᠤᠷᠤᠯ ᠡᠵᠢ ᠶ᠋ᠢᠨ ᠶ᠋ᠢᠡᠨ
ᠰᠠᠶ᠋ᠢᠬᠠᠨ ᠰᠡᠤᠠᠬᠢᠯ ᠦ᠋ᠨ ᠬᠠᠷᠢᠭᠤ ᠳ᠋ᠤ᠌
ᠰᠠᠨᠰᠠᠷ ᠦ᠋ᠨ ᠣᠷᠣᠨ ᠶ᠋ᠢᠠᠷ ᠲᠣᠭᠣᠷᠢᠨ᠎ᠠ ᠳ᠋ᠠ ᠃
ᠪᠠᠷ᠎ᠠ ᠶ᠋ᠢᠨ ᠭᠠᠵᠠᠷ ᠠ᠋ᠴᠠ ᠰᠦᠨᠳᠡᠷᠯᠡᠭᠴᠢ
ᠪᠠᠷᠭᠤ ᠶ᠋ᠢᠨ ᠭᠤᠷᠪᠠᠨ ᠪᠤᠭᠲᠠ ᠠᠭᠤᠯᠠ ᠬᠦ᠋ ᠂
ᠪᠠᠶᠠᠰᠬᠤ ᠵᠢᠷᠦᠬᠡᠨ ᠳ᠋ᠤ᠌ ᠬᠣᠨᠣᠭᠰᠢᠬᠴᠢ
ᠪᠤᠭᠤᠷᠤᠯ ᠡᠵᠢ ᠶ᠋ᠢᠨ ᠬᠠᠶ᠋ᠢᠷ᠎ᠠ ᠤᠤ ᠳ᠋ᠠ ᠃
ᠠᠴᠢᠲᠤ ᠨᠠᠰᠤᠲᠠᠢ ᠡᠵᠢ ᠶ᠋ᠢᠨ ᠶ᠋ᠢᠡᠨ
ᠠᠷᠢᠭᠤᠨ ᠬᠠᠶ᠋ᠢᠷ᠎ᠠ ᠶ᠋ᠢᠨ ᠬᠠᠷᠢᠭᠤ ᠳ᠋ᠤ᠌
ᠠᠭᠤᠤ ᠣᠷᠣᠨ ᠳ᠋ᠠᠭᠠᠨ ᠵᠢᠤᠠᠬᠦᠨᠡ ᠳ᠋ᠠ ᠃
ᠢᠷᠡᠯᠲᠡ ᠄
ᠥᠪᠥᠷ ᠮᠣᠩᠭᠣᠯ ᠦ᠋ᠨ ᠰᠣᠶᠣᠯ ᠦ᠋ᠨ ᠬᠡᠪᠯᠡᠯ ᠦ᠋ᠨ ᠬᠣᠷᠢᠶ᠎ᠠ ᠬᠡᠪᠯᠡᠭᠦᠯᠵᠦ ᠂ ᠥᠪᠥᠷ ᠮᠣᠩᠭᠣᠯ ᠦ᠋ᠨ ᠬᠠᠶ᠋ᠢᠯᠠᠷ ᠲᠡᠬᠢ ᠰᠢᠨᠬᠤᠸᠠ ᠬᠡᠪᠯᠡᠬᠦ ᠦᠢᠯᠡᠤᠠᠪᠦᠷᠢ ᠬᠡᠪᠯᠡᠭᠰᠡᠨ ᠂ ᠲᠣᠨᠲᠤᠪ ᠂ ᠲᠦᠭᠦᠷ ᠨᠠᠷ ᠵᠣᠬᠢᠶᠠᠵᠤ ᠂ ᠷᠠᠪᠲᠠᠨ ᠪ ᠠᠶ᠎ᠠ ᠦ᠋ᠨ ᠬᠢᠨᠠᠯᠲᠠ ᠲᠠᠢ ᠃1989 ᠣᠨ ᠪ 8 ᠰᠠᠷ᠎ᠠ ᠳ᠋ᠤ᠌ ᠠᠩᠬᠠᠲᠤᠭᠠᠷ ᠬᠡᠪ ᠊ᠢ ᠬᠢᠵᠦ ᠂ ᠲᠤᠰ ᠵᠢᠯ ᠦ᠋ᠨ 9 ᠰᠠᠷ᠎ᠠ ᠳ᠋ᠤ᠌ ᠠᠩᠬᠠᠲᠤᠭᠠᠷ ᠤᠲᠠᠬ᠋᠎ᠠ ᠬᠡᠪᠯᠡᠨ᠂ ᠬᠦᠯᠦᠨ ᠪᠣᠶ᠋ᠢᠷ ᠠᠶ᠋ᠢᠮᠠᠭ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠭᠰᠠᠨ ᠂《 ᠣᠷᠱᠤᠨ ᠭᠣᠣᠯ 》 ᠭᠡᠬᠦ ᠨᠣᠮ ᠠ᠋ᠴᠠ ᠡᠰᠢᠯᠡᠪᠡ ᠃
ᠦᠰᠦᠭ ᠠᠮᠢᠯᠠᠭᠤᠯᠤᠭᠴᠢ ᠄ ᠳᠠᠰᠢᠮ᠎ᠠ
ᠦᠰᠦᠭ ᠬᠢᠨᠠᠭᠴᠢ ᠄ ᠪᠠᠶᠠᠷᠴᠡᠴᠡᠭ
2023 ᠣᠨ ᠪ 5 ᠰᠠᠷ᠎ᠠ ᠶ᠋ᠢᠨ 14 ᠤ ᠡᠲᠦᠷ
