ᠠᠷᠪᠠᠨ ᠲᠠᠪᠤᠨ ᠪ ᠰᠠᠷᠠ ( ᠣᠷᠱᠤᠨ ᠭᠣᠣᠯ ) - ᠦᠭᠡ : ᠰᠢ‍ ᠂ ᠭᠠᠶᠠᠪᠠᠽᠡᠷ ᠂ ᠠᠶ᠎ᠠ ᠄ ᠰᠠᠶ᠋ᠢᠨᠴᠤᠭᠲᠤ Арван тавны сар ( Оршин гол ) – Үг : Ш ᠂ Гаябазер ᠂ Ая ᠄ Сайнцогт ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠷᠪᠠᠨ ᠲᠠᠪᠤᠨ ᠪ ᠰᠠᠷᠠ ( ᠣᠷᠱᠤᠨ ᠭᠣᠣᠯ ) - ᠦᠭᠡ : ᠰᠢ‍ ᠂ ᠭᠠᠶᠠᠪᠠᠽᠡᠷ ᠂ ᠠᠶ᠎ᠠ ᠄ ᠰᠠᠶ᠋ᠢᠨᠴᠤᠭᠲᠤ Арван тавны сар ( Оршин гол ) – Үг : Ш ᠂ Гаябазер ᠂ Ая ᠄ Сайнцогт

ᠠᠷᠪᠠᠨ ᠲᠠᠪᠤᠨ ᠪ ᠰᠠᠷᠠ ( ᠣᠷᠱᠤᠨ ᠭᠣᠣᠯ ) - ᠦᠭᠡ : ᠰᠢ‍ ᠂ ᠭᠠᠶᠠᠪᠠᠽᠡᠷ ᠂ ᠠᠶ᠎ᠠ ᠄ ᠰᠠᠶ᠋ᠢᠨᠴᠤᠭᠲᠤ Арван тавны сар ( Оршин гол ) – Үг : Ш ᠂ Гаябазер ᠂ Ая ᠄ Сайнцогт

ᠠᠩᠭᠢᠯᠠᠯ:ᠳᠠᠭᠤᠤ ᠬᠥᠭᠵᠢᠮ
2023-05-18

467

ᠠᠷᠪᠠᠨ ᠲᠠᠪᠤᠨ ᠪ ᠰᠠᠷᠠ


         ᠦᠭᠡ ᠄ ᠰᠢ‍ ᠂ ᠭᠠᠶᠠᠪᠠᠽᠡᠷ 
           ᠠᠶ᠎ᠠ ᠄ ᠰᠠᠢᠨᠴᠣᠭᠲᠣ 

 ᠠᠵᠢᠯᠰᠠᠭ ᠪᠣᠷᠣᠬᠠᠨ ᠵᠠᠩ ᠶ᠋ᠢᠠᠷ ᠶ᠋ᠢᠠᠨ
 ᠠᠷᠬ᠋᠎ᠠ ᠦᠭᠡᠢ ᠯᠡ ᠬᠠᠶ᠋ᠢᠷ᠎ᠠ ᠶ᠋ᠢ ᠪᠤᠯᠢᠶᠠᠭᠰᠠᠨ
 ᠠᠷᠪᠠᠨ ᠲᠠᠪᠤᠨ ᠪ ᠰᠠᠷᠠ ᠰᠢᠭ᠋
 ᠠᠭᠠᠯᠢ ᠲᠤᠩᠭᠠᠯᠠᠭᠬᠠᠨ ᠴᠢ ᠯᠡ ᠮᠢᠨᠢ
 ᠠᠢ ᠯᠡ ᠠᠢ ᠳ᠋ᠠ ᠬᠦ᠋
 ᠠᠪᠤ ᠶ᠋ᠢᠨ ᠬᠦᠦ ᠮᠢᠨᠦ 
 ᠠᠵᠠ ᠪᠠᠨ ᠬᠣᠯᠪᠣᠭᠰᠠᠨ ᠬᠠᠨᠢ ᠳ᠋ᠠ ᠃ 

 ᠢᠨᠢᠶᠡᠮᠰᠦᠭ ᠬᠣᠶᠠᠷ ᠨᠢᠲᠦ ᠴᠢᠨᠢ
 ᠡᠵᠢ ᠶ᠋ᠢᠨ ᠮᠡᠯᠮᠡᠢ ᠶ᠋ᠢ ᠰᠠᠨᠠᠭᠲᠠᠭᠤᠯᠤᠭᠰᠠᠨ ᠂
 ᠡᠶᠡᠯᠳᠡᠭ ᠳᠠᠷᠤᠤᠬᠠᠨ ᠴᠢᠨᠠᠷ ᠲᠠᠢ
 ᠡᠯᠢᠭᠡ ᠳᠣᠲᠣᠨᠣᠬᠠᠨ ᠴᠢ ᠯᠡ ᠮᠢᠨᠢ ᠃
 ᠠᠢ ᠯᠡ ᠠᠢ ᠳ᠋ᠠ ᠬᠦ᠋
 ᠠᠮᠠᠷᠠᠭ ᠨᠠᠲᠠ ᠵᠠᠶᠠᠭᠠᠭᠰᠠᠨ
 ᠠᠷᠪᠠᠨ ᠲᠠᠪᠤᠨ ᠪ ᠰᠠᠷᠠ ᠳ᠋ᠠ ᠬᠦ᠋ ᠃  

 ᠠᠯᠢᠮᠠᠨ ᠬᠣᠷᠸ᠋᠎ᠠ ᠶ᠋ᠢ ᠭᠡᠢᠭᠦᠯᠦᠭᠰᠡᠨ
 ᠠᠷᠪᠠᠨ ᠲᠠᠪᠤᠨ ᠪ ᠰᠠᠷᠠ ᠯᠡ ᠪᠠᠶ᠋ᠢᠨ᠎ᠠ ᠂
 ᠠᠯᠲᠠᠩᠬᠠᠨ ᠲᠤᠯᠬ᠋᠎ᠠ ᠶ᠋ᠢ ᠬᠥᠭᠵᠢᠶᠡᠭᠰᠡᠨ
 ᠠᠯᠢᠶ᠎ᠠ ᠬᠥᠭᠡᠷᠦᠬᠦᠨ ᠴᠢ ᠯᠡ ᠪᠠᠶ᠋ᠢᠨ᠎ᠠ ᠃
 ᠠᠢ ᠯᠡ ᠠᠢ ᠳ᠋ᠠ ᠬᠦ᠋
 ᠭᠡᠷ ᠠᠮᠢᠲᠤᠷᠠᠯ ᠊ᠢ ᠭᠡᠷᠡᠯᠲᠦᠭᠦᠯᠦᠭᠰᠡᠨ
 ᠭᠡᠭᠡᠨ ᠲᠤᠩᠭᠠᠯᠠᠭ ᠰᠠᠷᠠ ᠳ᠋ᠠ ᠬᠦ᠋ ᠃ 

ᠢᠷᠡᠯᠲᠡ ᠄
       ᠥᠪᠥᠷ ᠮᠣᠩᠭᠣᠯ ᠦ᠋ᠨ ᠰᠣᠶᠣᠯ ᠦ᠋ᠨ ᠬᠡᠪᠯᠡᠯ ᠦ᠋ᠨ ᠬᠣᠷᠢᠶ᠎ᠠ ᠬᠡᠪᠯᠡᠭᠦᠯᠵᠦ ᠂ ᠥᠪᠥᠷ ᠮᠣᠩᠭᠣᠯ ᠦ᠋ᠨ ᠬᠠᠶ᠋ᠢᠯᠠᠷ ᠲᠡᠬᠢ ᠰᠢᠨᠬᠤᠸᠠ ᠬᠡᠪᠯᠡᠬᠦ ᠦᠢᠯᠡᠤᠠᠪᠦᠷᠢ ᠬᠡᠪᠯᠡᠭᠰᠡᠨ ᠂ ᠲᠣᠨᠲᠤᠪ ᠂ ᠲᠦᠭᠦᠷ ᠨᠠᠷ  ᠵᠣᠬᠢᠶᠠᠵᠤ ᠂  ᠷᠠᠪᠲᠠᠨ  ᠪ ᠠᠶ᠎ᠠ  ᠦ᠋ᠨ ᠬᠢᠨᠠᠯᠲᠠ ᠲᠠᠢ  ᠃1989 ᠣᠨ  ᠪ 8 ᠰᠠᠷ᠎ᠠ  ᠳ᠋ᠤ᠌ ᠠᠩᠬᠠᠲᠤᠭᠠᠷ ᠬᠡᠪ ᠊ᠢ ᠬᠢᠵᠦ ᠂ ᠲᠤᠰ ᠵᠢᠯ ᠦ᠋ᠨ 9 ᠰᠠᠷ᠎ᠠ  ᠳ᠋ᠤ᠌  ᠠᠩᠬᠠᠲᠤᠭᠠᠷ ᠤᠲᠠᠬ᠋᠎ᠠ  ᠬᠡᠪᠯᠡᠨ᠂ ᠬᠦᠯᠦᠨ ᠪᠣᠶ᠋ᠢᠷ ᠠᠶ᠋ᠢᠮᠠᠭ ᠦ᠋ᠨ ᠰᠢᠨᠬᠤᠸᠠ ᠪᠢᠴᠢᠭ ᠦ᠋ᠨ ᠳᠡᠯᠭᠡᠭᠦᠷ  ᠲᠠᠷᠬᠠᠭᠠᠭᠰᠠᠨ ᠂《 ᠣᠷᠱᠤᠨ ᠭᠣᠣᠯ 》 ᠭᠡᠬᠦ ᠨᠣᠮ ᠠ᠋ᠴᠠ ᠡᠰᠢᠯᠡᠪᠡ ᠃
 
     ᠦᠰᠦᠭ ᠠᠮᠢᠯᠠᠭᠤᠯᠤᠭᠴᠢ ᠄   ᠪᠠᠶᠠᠷᠴᠡᠴᠡᠭ 
     ᠦᠰᠦᠭ ᠬᠢᠨᠠᠭᠴᠢ ᠄  ᠪᠠᠶᠠᠷᠴᠡᠴᠡᠭ
                  2023 ᠣᠨ ᠪ 5 ᠰᠠᠷ᠎ᠠ ᠶ᠋ᠢᠨ 12  ᠤᠨ  ᠡᠲᠦᠷ