ᠲᠣᠯᠢ - ᠪ᠂ ᠪᠦᠷᠢᠨᠪᠡᠬᠢ Толь - Б ᠂ Бүрэнбэх ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠣᠯᠢ - ᠪ᠂ ᠪᠦᠷᠢᠨᠪᠡᠬᠢ Толь - Б ᠂ Бүрэнбэх

ᠲᠣᠯᠢ - ᠪ᠂ ᠪᠦᠷᠢᠨᠪᠡᠬᠢ Толь - Б ᠂ Бүрэнбэх

2023-05-18

260

 
      ᠤᠰᠤᠨ ᠴᠥᠭᠥᠷᠥᠮ ᠂ ᠬᠥᠳᠡᠯᠮᠦᠷᠢ ᠶ᠋ᠢᠨ ᠬᠥᠯᠥᠰᠥᠨ ᠳᠤᠰᠤᠯ ᠢ᠋ᠶ᠋ᠠᠷ ᠷᠠᠰᠢᠶᠠᠨ ᠤ᠋ ᠠᠯᠲᠠᠨ ᠬᠣᠮᠠᠬ᠎ᠠ ᠃   
      ᠥᠷᠯᠥᠭᠡ᠂ ᠵᠥᠭᠡᠯᠡᠨ ᠰᠠᠯᠬᠢᠨ ᠢᠯᠪᠢᠬᠦ ᠳ᠋ᠦ᠍ ᠴᠥᠬᠥᠷᠡᠮ ᠦ᠋ᠨ ᠤᠰᠤ ᠬᠤᠨᠢᠶᠠᠰᠤᠷᠠᠨ ᠢᠷᠠᠭᠤ ᠰᠠᠢᠬᠠᠨ ᠤᠷᠲᠤ ᠶ᠋ᠢᠨ ᠳᠠᠭᠤᠤ ᠶ᠋ᠢᠨ ᠠᠶᠠᠯᠭᠤ ᠴᠤᠤᠷᠢᠶᠠᠳᠠᠨ᠎ᠠ ᠃ 
      ᠳᠠᠭᠤᠤ ᠶ᠋ᠢᠨ ᠨᠢᠭᠡᠨ ᠳᠣᠯᠭᠢᠶᠠᠨ ᠢ᠋ᠶ᠋ᠠᠷ ᠤᠰᠤᠨ ᠤ᠋ ᠨᠢᠭᠡᠨ ᠬᠤᠨᠢᠶᠠᠰᠤ ᠃  
      ᠤᠰᠤᠨ ᠤ᠋ ᠨᠢᠭᠡᠨ ᠬᠤᠨᠢᠶᠠᠰᠤ ᠪᠠᠷ ᠳᠠᠭᠤᠤ ᠶ᠋ᠢᠨ ᠨᠢᠭᠡᠨ ᠳᠣᠯᠭᠢᠶᠠᠨ ᠃  
      ᠦᠳᠡ ᠳ᠋ᠦ᠍ ᠂ ᠠᠯᠲᠠᠨ ᠨᠠᠷᠠᠨ ᠳᠡᠭᠡᠷ᠎ᠡ ᠮᠠᠨᠳᠤᠵᠤ ᠭᠦᠨ ᠴᠡᠯᠮᠡᠭ ᠣᠭᠲᠠᠷᠭᠤᠢ ᠳ᠋ᠤ᠌ ᠴᠠᠭᠠᠨ ᠡᠭᠦᠯᠡ ᠠᠶᠠᠷ ᠨᠢᠰᠦᠨ ᠂ ᠲᠥᠭᠥᠷᠢᠭ ᠨᠣᠮᠣᠬᠠᠨ ᠴᠥᠬᠥᠷᠡᠮ ᠳ᠋ᠦ᠍ ᠳᠠᠷᠪᠠᠭᠤᠯᠲᠤ ᠣᠩᠭᠣᠴᠠ ᠨᠣᠵᠣᠭᠠᠨ ᠨᠡᠭᠦᠨ᠎ᠡ ᠃   
      ᠨᠢᠭᠡᠨ ᠪᠥᠭᠡᠮ ᠡᠭᠦᠯᠡᠨ ᠦ᠌ ᠳᠣᠣᠷ᠎ᠠ ᠨᠢᠭᠡᠨ ᠳᠠᠷᠪᠠᠭᠤᠯᠲᠤ ᠣᠩᠭᠣᠴᠠ ᠃  
      ᠨᠢᠭᠡᠨ ᠳᠠᠷᠪᠠᠭᠤᠯᠲᠤ ᠣᠩᠭᠣᠴᠠᠨ ᠤ᠋ ᠳᠣᠣᠷ᠎ᠠ ᠨᠢᠭᠡᠨ ᠪᠥᠭᠡᠮ ᠡᠭᠦᠯᠡ ᠃  
      ᠦᠳᠡᠰᠢ ᠨᠠᠮ ᠵᠢᠮ ᠣᠭᠲᠠᠷᠭᠤᠢ ᠶ᠋ᠢᠨ ᠲᠦᠮᠡᠨ ᠣᠳᠣᠨ ᠣᠰᠤᠨ᠎ᠠ ᠱᠠᠭᠠᠢᠵᠤ ᠰᠡᠯᠢᠭᠦᠨ ᠵᠡᠯᠢᠭᠦᠨ ᠴᠥᠬᠥᠷᠡᠮ ᠦ᠋ᠨ ᠮᠢᠩᠭᠠᠨ ᠵᠢᠭᠠᠰᠤ ᠲᠣᠯᠣᠭᠠᠢ ᠪᠠᠨ ᠪᠤᠯᠲᠠᠢᠯᠭᠠᠨ ᠣᠭᠲᠠᠷᠭᠤᠢ ᠶ᠋ᠢ ᠪᠠᠢᠨ ᠪᠠᠢᠨ ᠪᠠᠷᠠᠯᠠᠨ᠎ᠠ ᠃  
      ᠨᠢᠭᠡᠨ ᠣᠳᠣᠨ ᠤ᠋ ᠳᠣᠣᠷ᠎ᠠ ᠨᠢᠭᠡᠨ ᠵᠢᠭᠠᠰᠤ ᠢᠷᠠᠭᠠᠯᠠᠵᠤ  
      ᠨᠢᠭᠡᠨ ᠵᠢᠭᠠᠰᠤᠨ ᠤ᠋ ᠳᠣᠣᠷ᠎ᠠ ᠨᠢᠭᠡᠨ ᠣᠳᠣᠨ ᠭᠢᠯᠠᠯᠵᠠᠨ᠎ᠠ ᠃    
      ᠬᠠᠪᠤᠷ ᠂ ᠴᠥᠬᠥᠷᠡᠮ ᠦ᠋ᠨ ᠡᠷᠭᠢᠨ ᠲᠣᠭᠣᠷᠢᠨ ᠤ᠋ ᠠᠭᠤᠯᠠ ᠲᠠᠯ᠎ᠠ ᠨᠣᠭᠣᠭᠠᠨ ᠢ᠋ᠶ᠋ᠠᠷ ᠪᠢᠯᠬᠠᠵᠤ ᠤᠨᠢᠶᠠᠷᠲᠤᠨ ᠤᠷᠢᠬᠠᠨ ᠨᠣᠭᠣᠭᠠᠨ ᠰᠠᠯᠬᠢ ᠰᠠᠯᠬᠢᠯᠠᠬᠤᠶ᠎ᠠ ᠂ ᠴᠥᠬᠥᠷᠡᠮ ᠦ᠋ᠨ ᠤᠰᠤᠨ ᠤ᠋ ᠥᠩᠭᠡ ᠴᠦ᠍ ᠨᠣᠮᠢᠨ ᠨᠣᠭᠣᠭᠠᠨ ᠪᠣᠯᠤᠨ ᠬᠤᠪᠢᠷᠠᠭᠠᠳ ᠮᠠᠯᠴᠢᠳ ᠤ᠋ᠨ ᠰᠢᠨ᠎ᠡ ᠠᠮᠢᠳᠤᠷᠠᠯ ᠤ᠋ᠨ ᠮᠥᠩᠬᠡ ᠶ᠋ᠢᠨ ᠬᠠᠪᠤᠷ ᠢ᠋ ᠰᠡᠳᠬᠢᠭᠳᠡᠭᠦᠯᠦᠨ᠎ᠡ ᠃  
      ᠵᠤᠨ ᠂ ᠴᠥᠬᠥᠷᠡᠮ ᠦ᠋ᠨ ᠡᠷᠭᠢ ᠢᠷᠮᠡᠭ ᠢ᠋ᠶ᠋ᠡᠷ ᠬᠡᠭᠡᠷ᠎ᠡ ᠶ᠋ᠢᠨ ᠤᠯᠠᠭᠠᠨ ᠴᠡᠴᠡᠭ ᠳᠡᠯᠭᠡᠷᠡᠵᠦ ᠤᠯᠠᠭᠠᠨ ᠢ᠋ᠶ᠋ᠠᠷ ᠤᠨᠢᠶᠠᠷᠲᠤᠨ ᠤᠯᠠᠭᠠᠨ ᠢ᠋ᠶ᠋ᠠᠷ ᠰᠣᠯᠣᠩᠭᠠᠷᠠᠬᠤᠶ᠎ᠠ ᠴᠥᠬᠥᠷᠡᠮ ᠦ᠋ᠨ ᠤᠰᠤᠨ ᠤ᠋ ᠥᠩᠭᠡ ᠴᠦ᠍ ᠮᠠᠨᠤᠬᠤ ᠶ᠋ᠢᠨ ᠤᠯᠠᠭᠠᠨ ᠪᠣᠯᠤᠨ ᠬᠤᠪᠢᠷᠠᠭᠠᠳ ᠭᠠᠩ ᠭᠠᠴᠢᠭ ᠢ᠋ ᠢᠯᠠᠭᠴᠢ ᠠᠬᠢᠯᠲᠠ ᠶ᠋ᠢᠨ ᠤᠯᠠᠭᠠᠨ ᠲᠤᠭ ᠢ᠋ ᠪᠣᠳᠣᠭᠳᠠᠭᠤᠯᠤᠨ᠎ᠠ ᠃  
      ᠨᠠᠮᠤᠷ ᠂ ᠴᠥᠬᠥᠷᠡᠮ ᠢ᠋ ᠲᠣᠭᠣᠷᠢᠨ ᠤᠷᠭᠤᠭᠰᠠᠨ ᠤᠳᠠ ᠤᠯᠢᠶᠠᠰᠤ ᠪᠣᠯᠪᠠᠰᠤᠷᠠᠨ ᠰᠢᠷᠠᠯᠠᠵᠤ ᠠᠯᠲᠠᠨ ᠨᠠᠪᠴᠢ ᠬᠤᠢᠯᠠᠷᠠᠨ ᠡᠷᠭᠢᠯᠳᠦᠬᠦᠶ᠎ᠡ ᠴᠥᠬᠥᠷᠡᠮ ᠦ᠋ᠨ ᠤᠰᠤᠨ ᠤ᠋ ᠥᠩᠭᠡ ᠴᠦ᠍ ᠠᠯᠲᠠᠨ ᠰᠢᠷᠭᠠᠯ ᠪᠣᠯᠤᠨ ᠬᠤᠪᠢᠷᠠᠭᠠᠳ ᠡᠩᠬᠦᠷᠡᠢ ᠬᠠᠢᠷᠠᠲᠤ ᠡᠬᠡ ᠤᠯᠤᠰ ᠤ᠋ᠨ ᠮᠢᠨᠢ ᠰᠢᠵᠢᠷ ᠠᠯᠲᠠᠨ ᠴᠠᠭ ᠦᠶ᠎ᠡ ᠶ᠋ᠢ ᠰᠠᠨᠠᠭᠳᠠᠭᠤᠯᠤᠨ᠎ᠠ ᠃   
      ᠡᠪᠦᠯ ᠂ ᠪᠠᠢᠭᠠᠯᠢ ᠳᠡᠯᠡᠬᠡᠢ ᠴᠠᠰᠤ ᠮᠥᠰᠥᠨ ᠳ᠋ᠦ᠍ ᠬᠤᠴᠢᠭᠳᠠᠵᠤ ᠮᠥᠩᠭᠥᠨ ᠴᠠᠭᠠᠨ ᠠᠭᠤᠷ ᠴᠠᠩ ᠪᠠᠭᠠᠭᠢᠬᠤᠶ᠎ᠠ ᠴᠥᠬᠥᠷᠡᠮ ᠦ᠋ᠨ ᠤᠰᠤᠨ ᠤ᠋ ᠥᠩᠭᠡ ᠴᠦ᠍ ᠡᠬᠡ ᠶ᠋ᠢᠨ ᠴᠠᠭᠠᠨ ᠰᠦ᠍ ᠶ᠋ᠢ ᠬᠠᠰ ᠤ᠋ᠨ ᠠᠶᠠᠭᠠᠨ ᠳ᠋ᠤ᠌ ᠪᠢᠯᠬᠠᠭᠤᠯᠤᠭᠰᠠᠨ ᠶᠤᠮ ᠰᠢᠭ᠋ ᠠᠷᠢᠭᠤᠨ ᠴᠠᠭᠠᠨ ᠪᠣᠯᠤᠨ ᠬᠤᠪᠢᠷᠠᠭᠠᠳ ᠮᠠᠯᠴᠢᠳ ᠢ᠋ ᠰᠢᠨ᠎ᠡ ᠠᠮᠵᠢᠯᠲᠠ ᠳ᠋ᠤ᠌ ᠵᠥᠩᠨᠡᠨ ᠪᠡᠯᠭᠡᠯᠡᠨ᠎ᠡ ᠃ ᠤᠰᠤᠨ ᠴᠥᠬᠥᠷᠡᠮ ᠂ ᠰᠢᠨ᠎ᠡ ᠠᠮᠢᠳᠤᠷᠠᠯ ᠢ᠋ ᠳᠤᠰᠬᠠᠭᠰᠠᠨ ᠰᠢᠯ ᠪᠣᠯᠣᠷ ᠤ᠋ᠨ ᠲᠣᠯᠢ ᠃                                                                                  
                                     1963.2