ᠥᠨᠳᠥᠷᠯᠢᠭ ᠦᠨ ᠥᠩᠭᠡᠲᠦ ᠵᠡᠭᠦᠳᠦ 〈 ᠮᠥᠴᠡᠯᠬᠡ ᠨᠢᠭᠡ 〉- ᠲ ᠂ ᠭᠣᠮᠪᠣᠵᠠᠪ Өндөрлөгийн өнгөт зүүд 〈 Мөчлөг нэг 〉 - Т ᠂ Гомбожав ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠥᠨᠳᠥᠷᠯᠢᠭ ᠦᠨ ᠥᠩᠭᠡᠲᠦ ᠵᠡᠭᠦᠳᠦ 〈 ᠮᠥᠴᠡᠯᠬᠡ ᠨᠢᠭᠡ 〉- ᠲ ᠂ ᠭᠣᠮᠪᠣᠵᠠᠪ Өндөрлөгийн өнгөт зүүд 〈 Мөчлөг нэг 〉 - Т ᠂ Гомбожав

ᠥᠨᠳᠥᠷᠯᠢᠭ ᠦᠨ ᠥᠩᠭᠡᠲᠦ ᠵᠡᠭᠦᠳᠦ 〈 ᠮᠥᠴᠡᠯᠬᠡ ᠨᠢᠭᠡ 〉- ᠲ ᠂ ᠭᠣᠮᠪᠣᠵᠠᠪ Өндөрлөгийн өнгөт зүүд 〈 Мөчлөг нэг 〉 - Т ᠂ Гомбожав

2023-05-18

221

ᠥᠨᠳᠥᠷᠯᠢᠭ ᠦᠨ ᠥᠩᠭᠡᠲᠦ ᠵᠡᠭᠦᠳᠦ 〈 ᠮᠥᠴᠡᠯᠬᠡ ᠨᠢᠭᠡ 〉


     ᠭᠠᠩᠭᠠᠩ ᠤᠯᠠᠭᠠᠨ ᠲᠡᠮᠡᠭᠡ 

                 —  ᠪᠠᠷᠺᠥ᠋ᠯ ᠶ᠋ᠢᠡᠷ ᠠᠶᠠᠯᠠᠭᠰᠠᠨ ᠲᠥᠷᠥᠭᠳᠡᠯ 

 ᠭᠠᠵᠠᠲᠠᠭ ᠦᠭᠡᠢ ᠬᠣᠣᠰ ᠪᠦᠬᠦ ᠪᠡᠨ ᠰᠡᠷᠡᠢᠯᠭᠡᠭᠰᠡᠨ
 ᠭᠠᠩᠭᠠᠩ ᠤᠯᠠᠭᠠᠨ ᠲᠡᠮᠡᠭᠡ
 ᠭᠠᠵᠠᠷ ᠦ᠋ᠨ ᠪᠠᠷᠠᠭᠤᠨ ᠬᠢᠵᠠᠭᠠᠷ ᠳᠡᠭᠡᠷ᠎ᠡ ᠲᠡᠭᠷᠢ ᠬᠠᠨᠲᠠᠷᠴᠤ ᠵᠣᠭᠰᠣᠨ᠎ᠠ
 ᠬᠠᠪ ᠬᠠᠲᠠᠭᠤ
 ᠬᠠᠷᠭᠠᠢ ᠰᠢᠭ᠋ ᠵᠣᠭᠲᠣᠷ ᠨᠢ ᠲᠡᠭᠷᠢ ᠶ᠋ᠢᠨ ᠰᠠᠮ ᠪᠢᠯᠡ
 ᠪᠦᠲᠦᠭᠦᠨ ᠲᠤᠮᠤ
 ᠪᠦᠬᠦᠯᠢ ᠬᠠᠲᠠ ᠰᠢᠭ᠋ ᠲᠠᠪᠠᠬ ᠨᠢ ᠪᠥᠮᠪᠥᠷᠴᠡᠭ ᠦ᠋ᠨ ᠲᠣᠪᠴᠢ ᠪᠢᠯᠡ
 ᠣᠩᠭᠣᠴᠠ ᠰᠢᠭ᠋
 ᠣᠩᠬᠣᠯᠢᠲᠠᠭ ᠦᠭᠡᠢ ᠡᠨᠡ ᠲᠡᠮᠡᠭᠡᠨ ᠪ ᠨᠢᠷᠤᠭᠤᠨ ᠳᠡᠭᠡᠷ᠎ᠡ
 ᠣᠨ ᠵᠢᠯ ᠰᠠᠵᠢᠯᠠᠵᠤ
 ᠣᠲᠣ ᠰᠠᠷᠠ ᠰᠠᠵᠢᠯᠠᠵᠤ
     ᠣᠷᠴᠢᠯᠠᠩ ᠦ᠋ᠨ ᠬᠠᠷ᠎ᠠ ᠴᠠᠭᠠᠨ ᠵᠡᠭᠦᠲᠦ
         ᠬᠠᠯᠠᠭᠤᠨ ᠬᠦᠢᠲᠡᠨ ᠰᠠᠯᠬᠢ ᠰᠠᠵᠢᠯᠠᠵᠤ ᠢᠷᠡᠵᠡᠢ ᠡ
 ᠣᠬᠢᠯᠠᠯ ᠢᠨᠢᠶᠡᠯ ᠬᠣᠶᠠᠷ
 ᠤᠨᠠᠬᠤ ᠨᠠᠷᠠ ᠂ ᠪᠣᠰᠬᠤ ᠨᠠᠷᠠ ᠰᠢᠭ᠋ ᠡᠭᠡᠯᠵᠢᠯᠡᠵᠦ
 ᠤᠯᠠᠭᠠᠨ ᠴᠢᠰᠤ ᠂ ᠶᠠᠭᠠᠨ ᠴᠡᠴᠡᠭ
 ᠤᠰᠤ ᠲᠡᠭᠡᠭᠡᠭᠰᠡᠨ ᠦᠬᠡᠷ ᠬᠠᠰᠠᠭ ᠦ᠋ᠨ ᠮᠢᠨᠢ ᠬᠦᠷᠲᠦ ᠰᠢᠭ᠌
       ᠬᠠᠶᠠ ᠳᠡᠭᠡᠷ᠎ᠡ
             ᠬᠠᠶᠠ ᠲᠣᠣᠷ᠎ᠠ ᠪᠥᠮᠪᠥᠷᠢᠵᠦ ᠢᠷᠡᠭᠰᠡᠨ ᠪᠢᠯᠡ
 ᠬᠥᠮᠦᠰ
 ᠬᠥᠭᠡᠷᠦᠬᠦᠢ ᠡᠨᠡ ᠂ ᠤᠬᠠᠭᠠᠨ ᠳᠡᠯᠡᠬᠡᠢ ᠶ᠋ᠢᠨ ᠨᠢᠯᠬᠠᠰ
 ᠥᠷᠯᠦᠭᠡ ᠡᠴᠡ ᠥᠲᠡᠰᠢ ᠪᠣᠯᠲᠠᠯ᠎ᠠ
 ᠡᠪᠦᠯ ᠡᠴᠡ ᠵᠤᠨ ᠪᠣᠯᠲᠠᠯ᠎ᠠ
 ᠦᠷ᠎ᠡ ᠰᠠᠭᠤᠬᠤ ᠦᠭᠡᠢ ᠨᠢᠭᠡ ᠪᠣᠲᠣᠯ ᠦ᠋ᠨ ᠲᠥᠯᠥᠭᠡ
 ᠤᠨᠠᠵᠤ ᠯᠠ  ᠪᠠᠶ᠋ᠢᠯ᠎ᠠ ᠪᠣᠰᠴᠤ ᠯᠠ  ᠪᠠᠶ᠋ᠢᠯ᠎ᠠ
 ᠲᠡᠭᠡᠭᠡᠳ ᠯᠡ
 ᠣᠯᠠᠨ ᠬᠥᠮᠦᠨ ᠦᠬᠦᠵᠦ ᠬᠣᠯᠠᠲᠠᠯ᠎ᠠ
 ᠣᠨ ᠵᠢᠯ ᠦᠷᠭᠦᠵᠦ ᠬᠣᠯᠠᠲᠠᠯ᠎ᠠ
 ᠭᠠᠭᠴᠠᠬᠦ
 ᠲᠥᠭᠡᠷᠢᠯ ᠳ᠋ᠦ᠍ ᠤᠨᠠᠭᠰᠠᠨ ᠬᠦᠭᠡᠷᠦᠬᠦᠢ ᠲᠡᠮᠡᠭᠡ
 ᠲᠥᠮᠡᠨ ᠬᠠᠪᠤᠷ ᠊ᠢ ᠪᠤᠯᠠᠰᠢᠯᠠᠵᠤ ᠨᠡᠯᠦᠢᠭᠰᠡᠨ
 ᠲᠦᠨᠡᠷ ᠴᠠᠭᠠᠨ ᠡᠯᠡᠰᠦᠨ ᠳᠠᠯᠠᠢ ᠳ᠋ᠦ᠍
 ᠲᠥᠭᠡ ᠬᠢᠷᠢᠲᠡᠶ᠋ᠢᠬᠡᠨ  ᠶᠠᠪᠤᠵᠤ ᠴᠢᠲᠠᠬ᠋᠎ᠠ ᠦᠭᠡᠢ ᠵᠣᠭᠰᠣᠵᠤ ᠯᠠ ᠪᠠᠶ᠋ᠢᠵᠢ ᠡ ᠂ ᠂ ᠂ ᠂
 ᠣᠲᠣ 
 ᠲᠡᠮᠡᠭᠡ ᠶᠠᠪᠤᠵᠤ ᠡᠬᠢᠯᠡᠯ᠎ᠡ
 ᠣᠩᠭᠣᠨ ᠲᠡᠭᠷᠢ ᠶ᠋ᠢ ᠵᠣᠭᠲᠣᠷ ᠶ᠋ᠢᠠᠷ ᠶ᠋ᠢᠠᠨ ᠰᠠᠮᠨᠠᠵᠤ
 ᠣᠩᠭᠣᠴᠠ ᠰᠢᠭ᠋ ᠨᠢᠷᠤᠭᠤᠨ ᠳᠡᠭᠡᠷ᠎ᠡ ᠪᠡᠨ ᠴᠠᠭ ᠦᠶ᠎ᠡ ᠶ᠋ᠢ ᠠᠴᠢᠭᠠᠳ
 ᠲᠡᠮᠡᠭᠡ ᠮᠢᠨᠢ ᠶᠠᠪᠤᠵᠤ ᠡᠬᠢᠯᠡᠯ᠎ᠡ!
 ᠥᠴᠦᠭᠡᠲᠦᠷ ᠦ᠋ᠨ ᠠᠯᠢᠪᠠ
 ᠥᠨᠢᠲᠡ ᠨᠡᠪᠴᠢᠳᠡᠭ ᠦᠭᠡᠢ ᠥᠨᠲᠡᠭᠡ ᠪᠣᠯᠵᠤ ᠬᠣᠴᠣᠷᠣᠯ᠎ᠠ
 ᠥᠨᠥᠲᠦᠷ
       ᠨᠠᠷᠠ ᠪᠠ ᠴᠡᠴᠡᠭ ᠂ ᠨᠠᠶ᠋ᠢᠵᠢ ᠶᠤᠰᠤᠨ ᠪ ᠨᠥᠬᠦᠷᠯᠡᠯ ᠵᠠᠶᠠᠬ᠋᠎ᠠ
       ᠬᠣᠯᠠ ᠶᠠᠪᠤᠬᠤ ᠶ᠋ᠢᠨ ᠬᠦᠰᠡᠯ ᠂ ᠬᠤᠪᠢᠷᠠᠵᠤ ᠰᠢᠨᠡᠤᠠᠬᠦ ᠶ᠋ᠢᠨ ᠮᠥᠷᠦᠭᠡᠲᠦᠯ ᠂ ᠂ ᠂ ᠂
 ᠥᠨᠳᠥᠷᠯᠢᠭ ᠦ᠋ᠨ ᠲᠡᠮᠡᠭᠡᠨ ᠪ ᠮᠢᠨᠢ
 ᠡᠭᠦᠯᠡ ᠱᠦᠷᠭᠦᠭᠡᠮ᠎ᠡ ᠠᠴᠢᠶ᠎ᠠ ᠪᠣᠯᠤᠯ᠎ᠠ
 ᠡᠮᠦᠨᠡᠰᠢᠯᠡᠬᠦ ᠠᠶᠠᠨ ᠪ ᠬᠢᠨᠢ
 ᠥᠩᠭᠡ ᠵᠢᠪᠬᠤᠭᠠᠲᠤ ᠪᠢᠯᠸᠲ᠋ ᠪᠣᠯᠤᠯ᠎ᠠ ᠂ ᠂ ᠂ ᠂
 ᠲᠡᠮᠡᠭᠡ ᠶᠠᠪᠤᠵᠤ ᠡᠬᠢᠯᠡᠯ᠎ᠡ
 ᠲᠡᠦᠬᠡ ᠶ᠋ᠢᠨ ᠠᠪᠤᠷᠭᠤ ᠨᠡᠭᠦᠲᠡᠯ
 ᠲᠡᠮᠡᠭᠡ ᠮᠢᠨᠢ ᠶᠠᠪᠤᠵᠤ ᠡᠬᠢᠯᠡᠯ᠎ᠡ ᠡ!


        ᠡᠷᠡᠴᠤᠤᠯ ‍ᠤᠨ ᠨᠠᠭᠠᠳᠤᠮ  

 ᠬᠡᠳᠡᠷ ᠬᠠᠲᠠᠭᠤ ᠬᠠᠰᠠᠭ ᠡᠷ᠎ᠡ ᠶ᠋ᠢᠨ ᠂ ᠬᠦᠴᠦ ᠨᠢ
 ᠬᠦᠢᠲᠡᠨ ᠪᠤᠯᠠᠭ ‍ᠦᠨ ᠤᠰᠤ ᠰᠢᠭ᠋ ᠣᠨᠳᠣᠷᠣᠳᠠᠭ ᠪᠢᠯᠡ 

 ᠤᠨᠳᠤᠷᠤᠯᠲᠤ ᠤᠰᠤ
 ᠤᠳᠠᠬᠤ ᠦᠭᠡᠢ ᠤᠳᠠᠬᠤ ᠦᠭᠡᠢ ᠬᠠᠰᠢᠯᠭ᠎ᠠ ᠪᠠᠨ ᠳᠠᠪᠠᠨ᠎ᠠ
 ᠠᠭᠤᠳᠠᠮ ᠲᠠᠯ᠎ᠠ ᠳ᠋ᠦ᠍ ᠂ ᠲᠡᠭᠡᠭᠡᠳ    
 ᠤᠳᠤᠮᠰᠢᠯᠲᠤ ᠰᠠᠶ᠋ᠢᠬᠠᠨ ᠨᠠᠭᠠᠳᠤᠮ ᠪᠣᠯᠤᠨ᠎ᠠ ᠡ 

 ᠬᠥᠮᠦᠰ
 ᠬᠥᠩᠭᠡᠷᠡᠳᠡᠯ᠎ᠡ ᠰᠣᠶ᠋ᠢᠭᠰᠠᠨ ᠮᠣᠷᠢᠳ ᠳᠠᠭᠠᠨ ᠮᠣᠷᠳᠠᠨ᠎ᠠ
 ᠬᠥᠰᠢᠯᠳᠦᠵᠦ ᠵᠠᠩᠭᠢᠷᠠᠭᠰᠠᠨ ᠬᠦᠴᠦ ᠲᠤᠷᠪᠢ
 ᠬᠥᠳᠡᠭᠡ ᠶ᠋ᠢᠨ ᠠᠭᠤᠳᠠᠮ ᠳ᠋ᠤ᠌ ᠭᠠᠷᠴᠤ 
 ᠬᠣᠨᠢ ᠲᠠᠲᠠᠯᠳᠤᠵᠤ ᠨᠠᠭᠠᠳᠤᠨ᠎ᠠ 

 ᠬᠥᠯᠥᠰᠥ ᠵᠤᠩᠭᠠᠭ ᠂  ᠬᠥᠬᠡ ᠡᠪᠡᠰᠦᠨ  ‍ᠦ ᠦᠨᠦᠷ  ᠲᠠᠢ
 ᠰᠠᠯᠬᠢ ᠬᠤᠶ᠋ᠢᠯᠠᠷᠠᠵᠤ
 ᠬᠥᠭᠰᠢᠳ ‍ᠦᠨ ᠴᠢᠷᠠᠢ ᠠ᠋ᠴᠠ ᠤᠨ ᠵᠢᠯ ‍ᠦᠨ ᠣᠷᠣᠮ ᠪᠠᠯᠠᠷᠠᠨ᠎ᠠ
 ᠬᠡᠦᠬᠡᠳ ‍ᠤᠨ ᠨᠢᠳᠦᠨ ᠳ᠋ᠦ᠍ ᠥᠷᠨᠢᠭᠦᠨ  ᠭᠤᠤ᠎ᠠ ᠵᠡᠭᠦᠳᠦ ᠳᠡᠯᠭᠡᠭᠳᠡᠨ᠎ᠡ
 ᠬᠥᠳᠡᠭᠡ ᠶ᠋ᠢᠨ ᠭᠦᠨ ᠳ᠋ᠦ᠍ 
 ᠬᠥᠬᠡ ᠴᠢᠯᠠᠭᠤ ᠭᠡᠳᠡᠭᠡᠨ ᠳ᠋ᠡᠭᠡᠨ ᠴᠡᠴᠡᠭᠯᠡᠨ᠎ᠡ ᠡ 

 ᠮᠡᠬᠡ ᠪᠡᠷ ᠨᠠᠭᠠᠳᠳᠠᠭ ᠦᠭᠡᠢ
 ᠬᠦᠴᠦ ᠪᠡᠷ ‍ᠢᠶ᠋ᠠᠨ ᠨᠠᠭᠠᠳᠤᠨ᠎ᠠ
 ᠡᠷ᠎ᠡ  ᠶ᠋ᠢᠨ ᠶᠣᠰᠣᠭᠠᠷ ᠢᠯᠠᠵᠤ ᠪᠠᠶᠠᠷᠯᠠᠵᠤ
 ᠡᠷ᠎ᠡ  ᠶ᠋ᠢᠨ ᠶᠣᠰᠣᠭᠠᠷ ᠢᠯᠠᠭᠳᠠᠵᠤ ᠪᠠᠶᠠᠷᠯᠠᠨ᠎ᠠ
 ᠡᠨᠡ ᠪᠣᠯ ᠡᠷ᠎ᠡ ᠬᠥᠮᠥᠨ ᠦ ᠨᠠᠭᠠᠳᠤᠮ
 ᠡᠬᠡ ᠬᠣᠷᠸ᠎ᠠ ᠶᠢᠨ ᠴᠢᠭᠢᠷᠠᠭ ᠴᠠᠭᠠᠨ ᠢᠨᠢᠶᠡᠳᠦ ᠪᠢᠯᠡ 



        ᠰᠠᠮ ᠪᠣᠲᠣᠯ 

 ᠪᠠᠭᠴᠠ ᠪᠠᠭᠴᠠ ᠴᠡᠴᠡᠭ ᠶ᠋ᠢᠡᠷ ᠢᠨᠢᠶᠡᠮᠰᠦᠭᠯᠡᠭᠰᠡᠨ
 ᠪᠠᠷᠺᠦᠢ᠍ᠯ ‍ᠤᠨ ᠲᠠᠯ᠎ᠠ ᠳ᠋ᠦ᠍ ᠂ ᠪᠢ
 ᠬᠡᠦᠬᠡᠨ ᠶ᠋ᠢᠡᠷ ᠲᠠᠭᠤᠯᠭᠠᠬᠤ ᠨᠠᠭᠠᠲᠤᠮ ᠦᠵᠡᠯ᠎ᠡ
 ᠡᠭᠦᠯᠡ ᠶᠠᠪ ᠶᠠᠭᠠᠨ
 ᠡᠪᠡᠰᠦ ᠨᠣᠪ ᠨᠣᠭᠣᠭᠠᠨ
 ᠦᠵᠡᠭᠳᠡᠵᠦ ᠶᠠᠲᠠᠮ᠎ᠠ ᠲᠡᠷᠲᠡᠭᠡ ᠵᠠᠬ᠎ᠠ ᠡᠴᠡ
 ᠥᠩᠭᠡᠲᠦ ᠰᠣᠯᠣᠩᠬ᠋᠎ᠠ ᠲᠠᠰᠤᠷᠠᠵᠤ 
 ᠥᠷᠭᠡᠨ ᠲᠠᠯ᠎ᠠ ᠳ᠋ᠦ᠍
 ᠭᠣᠪᠢ ᠶ᠋ᠢᠨ ᠴᠢᠭᠢᠷᠠᠭ ᠬᠠᠷ᠎ᠠ ᠵᠠᠯᠠᠭᠤ ᠶ᠋ᠢ
 ᠭᠤᠸ᠋᠎ᠠ ᠰᠠᠶ᠋ᠢᠬᠠᠨ ᠲᠠᠭᠤᠵᠤ ᠶᠠᠪᠤᠨ᠎ᠠ
 ᠲᠣᠷᠮᠣᠰ ᠭᠡᠬᠦ ᠨᠢᠲᠦᠨ ᠡᠴᠡ ᠨᠢ
 ᠳᠣᠲᠣᠨᠣᠬᠠᠨ ᠠᠯᠢᠶᠠᠯᠠᠯ ᠭᠢᠯᠠᠰᠴᠤ
 ᠲᠤᠶᠠᠬ᠋᠎ᠠ ᠲᠠᠲᠠᠭᠰᠠᠨ ᠴᠢᠷᠠᠢ ᠡᠴᠡ ᠨᠢ
 ᠲᠤᠩᠭᠠᠯᠠᠭᠬᠠᠨ ᠮᠦᠰᠢᠶᠡᠯ ᠮᠢᠷᠠᠯᠵᠠᠵᠤ
 ᠳᠤᠷᠠᠯᠠᠯᠲᠤ ᠨᠠᠰᠤᠨ ᠪ ᠴᠣᠪᠣᠭᠣᠬᠠᠨ ᠠᠶᠠᠰ ᠶ᠋ᠢᠠᠷ
 ᠳᠣᠭᠤᠶ᠋ᠢᠬᠠᠨ ᠰᠡᠤᠠᠬᠢᠯ ᠊ᠢ ᠬᠥᠭᠵᠢᠮᠳᠡᠵᠦ ᠶᠠᠪᠤᠬᠤ 
 ᠭᠠᠩᠭᠠᠩ ᠭᠤᠸ᠋᠎ᠠ ᠣᠶ᠋ᠢᠭᠤᠷ ᠬᠡᠦᠬᠡᠨ 
 ᠭᠠᠵᠠᠷ ᠳᠡᠭᠡᠷᠡᠬᠢ ᠰᠠᠷᠠ ᠪᠢᠯᠡ 
 ᠪᠠᠭᠯᠠᠬ᠋᠎ᠠ ᠪᠠᠭᠯᠠᠬ᠋᠎ᠠ ᠴᠡᠴᠡᠭ ᠶ᠋ᠢᠡᠷ ᠢᠨᠢᠶᠡᠮᠰᠦᠭᠯᠡᠭᠰᠡᠨ
 ᠪᠠᠷᠺᠦᠢ᠍ᠯ ᠦ᠋ᠨ ᠲᠠᠯ᠎ᠠ ᠳ᠋ᠦ᠍᠂ ᠪᠢ
 ᠬᠠᠮᠤᠭ ᠦ᠋ᠨ ᠭᠤᠸ᠋᠎ᠠ ᠬᠡᠦᠬᠡᠨ ᠪ ᠡᠮᠦᠨ᠎ᠡ
 ᠬᠠᠮᠤᠭ ‍ᠤᠨ ᠬᠠᠱᠠᠩ ᠮᠣᠷᠢ ᠤᠨᠤᠨ
 ᠬᠠᠩᠭᠠᠢ ᠶ᠋ᠢᠨ ᠨᠤᠭᠤᠭᠠᠨ ᠵᠦᠯᠭᠡᠨ ᠳᠡᠭᠡᠭᠦᠷ
 ᠬᠠᠨᠲᠠᠯ᠎ᠠ ᠦᠶᠡᠷᠬᠡᠬᠦ ᠶ᠋ᠢ ᠰᠠᠨᠠᠵᠤ ᠰᠠᠭᠤᠯ᠎ᠠ ᠡ !
 
ᠵᠠᠯᠠᠭᠤ ᠰᠢᠯᠦᠭᠴᠢᠳ ᠦᠨ ᠴᠣᠪᠣᠷᠠᠯ ᠪᠢᠴᠢᠭ᠌ 
          <  ᠢᠷᠡᠬᠦ ᠵᠠᠭᠤᠨ ᠤ ᠬᠣᠩᠬᠣᠨ ᠳᠠᠭᠤᠨ > ᠎ ᠡᠴᠡ ᠬᠠᠭᠤᠯᠪᠠ᠃
     
      ᠦᠰᠦᠭ ᠠᠮᠢᠯᠠᠭᠤᠯᠤᠭᠰᠠᠨ ᠨᠢ᠄   ᠲᠩᠷᠢ ᠡᠵᠢ ᠂  ᠴᠤᠯᠮᠤᠨᠲᠤᠶᠠᠭ᠎ᠠ ᠂   ᠰᠠᠷᠠᠨ᠎ᠠ 
         ᠬᠢᠨᠠᠭᠴᠢ ᠄  ᠴᠤᠯᠮᠤᠨᠲᠤᠶᠠᠭ᠎ᠠ