ᠵᠠᠩᠭᠠᠷ ᠤ᠋ᠨ ᠣᠷᠣᠰᠢᠯ ᠪᠦᠯᠦᠭ ᠤᠨ ᠠᠷᠪᠠᠨ ᠵᠢᠷᠭᠤᠲᠤᠭᠠᠷ ᠬᠡᠰᠡᠭᠯᠡᠯ- ᠣᠷᠴᠢᠯᠠᠩ ᠤᠨ ᠰᠠᠢᠬᠠᠨ ᠮᠢᠩᠶᠡᠨ ᠪᠠᠭᠠᠲᠤᠷЖангарын оршил бөлгийн арван зургадугаар хэсэглэл-орчлонгийн сайхан миняээн баатар
ᠣᠷᠴᠢᠯᠠᠩ ᠤᠨ ᠰᠠᠢᠬᠠᠨ ᠮᠢᠩᠶᠡᠨ ᠪᠠᠭᠠᠲᠤᠷ
ᠠᠯᠲᠠᠷ ᠨᠤᠶᠠᠨ ᠪᠤᠭᠲᠠ ᠵᠠᠩᠭᠠᠷ ᠦ᠋ᠨ᠂
ᠠᠷᠪᠠᠨ ᠬᠣᠶᠠᠷ ᠪᠠᠭᠠᠲᠤᠷ ᠦ᠋ᠨ ᠨᠢᠭᠡ ᠨᠢ᠂
ᠡᠷᠬᠢᠮ ᠰᠠᠢᠬᠠᠨ ᠨᠡᠷᠡᠲᠡᠢ ᠰᠥᠩᠴᠢ᠂
ᠣᠷᠴᠢᠯᠠᠩ ᠦ᠋ᠨ ᠰᠠᠢᠬᠠᠨ ᠮᠢᠩᠶᠡᠨ ᠊ᠢ᠂
ᠬᠡᠯᠡᠭᠡᠳ ᠦᠵᠡᠳᠡᠭ ᠪᠣᠯᠬᠤᠯ᠎ᠠ᠂
ᠮᠢᠩ ᠭᠡᠲᠡᠭ ᠠᠭᠤᠯᠠᠢ
ᠶ᠋ᠢᠡᠨ ᠡᠵᠡᠨ ᠦᠭᠡᠢ ᠬᠠᠶᠠᠭᠰᠠᠨ ᠭᠡᠨ᠎ᠡ ᠯᠡ᠂
ᠮᠢᠩᠭᠠᠨ ᠲᠥᠮᠡᠨ ᠠᠯᠪᠠᠲᠤ ᠶ᠋ᠢᠠᠨ ᠨᠤᠶᠠᠨ ᠦᠭᠡᠢ ᠬᠠᠶᠠᠭᠰᠠᠨ ᠭᠡᠨ᠎ᠡ
ᠯᠡ᠂
ᠴᠤᠨᠤᠭᠠᠢ ᠴᠠᠭᠠᠨ ᠡᠬᠡᠨᠡᠷ ᠶ᠋ᠢᠡᠨ ᠵᠠᠯᠠᠭᠤ ᠦᠭᠡᠢ ᠬᠠᠶᠠᠭᠠᠳ᠂
ᠴᠢᠰᠤᠨ ᠤᠯᠠᠭᠠᠨ ᠬᠡᠤᠬᠡᠳ ᠳ᠋ᠡᠭᠡᠨ ᠡᠴᠢᠭᠡ ᠪᠤᠯᠤᠯ ᠦᠭᠡᠢ ᠬᠠᠶᠠᠭᠰᠠᠨ
ᠭᠡᠨ᠎ᠡ ᠯᠡ᠂
ᠬᠤᠤ ᠽᠠᠨᠲᠠᠨ ᠴᠤᠭᠤᠷ ᠶ᠋ᠢᠠᠨ ᠤᠶᠠᠩᠭᠠᠯᠠᠨ ᠲᠠᠲᠠᠬᠤᠯᠠ᠂
ᠬᠤᠨ ᠰᠢᠪᠠᠭᠤᠨ ᠳᠣᠩᠭᠣᠳᠤᠭᠰᠠᠨ ᠮᠡᠲᠦ ᠣᠭᠲᠠᠷᠭᠤᠢ ᠳᠤ ᠴᠤᠤᠷᠢᠶᠠᠲᠤᠨ
ᠰᠣᠨᠣᠰᠤᠭᠲᠠᠲᠠᠭ᠂
ᠡᠵᠡᠨ ᠪᠤᠭᠲᠠ ᠵᠠᠩᠭᠠᠷ ᠦ᠋ᠨ᠂
ᠡᠷᠬᠢᠮ ᠰᠠᠢᠬᠠᠨ ᠨᠡᠷᠡᠲᠡᠢ ᠰᠥᠩᠴᠢ᠂
ᠡᠷᠬᠡ ᠲᠤᠭ ᠬᠠᠭᠠᠨ ᠪ ᠬᠥᠪᠡᠭᠥᠨ᠂
ᠣᠷᠴᠢᠯᠠᠩ ᠦ᠋ᠨ ᠰᠠᠢᠬᠠᠨ ᠮᠢᠩᠶᠡᠨ ᠭᠡᠵᠤ ᠬᠡᠯᠡᠳᠡᠭ ᠠᠨᠵᠠᠢ ᠭᠡᠨ᠎ᠡ ᠯᠡ᠃
ᠦᠭᠡᠰ ᠦ᠋ᠨ ᠲᠠᠢᠯᠪᠤᠷᠢ ᠄
1᠂ ᠰᠥᠩᠴᠢ — ᠨᠠᠢᠷ ᠬᠤᠷᠢᠮ ᠊ᠢ ᠵᠠᠬᠢᠷᠴᠤ ᠠᠷᠢᠬᠢ ᠰᠥᠩᠨᠡᠨ ᠳᠠᠭᠤᠤ
ᠬᠦᠭᠵᠢᠮ ᠡᠭᠡᠰᠢᠭ ᠰᠠᠢᠬᠠᠨ
ᠠᠶᠠᠯᠭᠤ ᠪᠠᠷ ᠣᠯᠠᠨ ᠪ ᠰᠡᠤᠠᠬᠢᠯ ᠊ᠢ ᠬᠦᠭᠵᠢᠶᠡᠨ ᠪᠠᠶᠠᠰᠬᠠᠭᠴᠢ᠃
2᠂ᠮᠢᠩ ᠭᠡᠳᠡᠭ ᠠᠭᠤᠯᠠ — ᠮᠢᠩᠶᠡᠨ ᠪ ᠨᠤᠲᠤᠭ ᠦ᠋ᠨ ᠰᠦᠯᠲᠡ ᠲᠦᠰᠢᠯᠭᠡ
ᠪᠣᠯᠤᠭᠰᠠᠨ ᠥᠵᠡᠰᠭᠥᠯᠠᠩᠲᠤ
ᠰᠠᠢᠬᠠᠨ ᠠᠭᠤᠯᠠ᠃
3᠂ ᠴᠤᠨᠤᠭᠠᠢ ᠴᠠᠭᠠᠨ — ᠮᠢᠩᠶᠡᠨ ᠪ ᠬᠠᠲᠤᠨ᠂ ᠨᠠᠷᠢᠨ ᠥᠨᠲᠥᠷ ᠪᠡᠶ᠎ᠡ
ᠲᠡᠢ ᠴᠠᠭᠠᠨ ᠴᠢᠷᠠᠢ ᠲᠠᠢ ᠥᠩᠭᠡ ᠵᠢᠰᠦ
ᠲᠥᠪᠯᠡᠭᠦᠨ ᠴᠡᠪᠡᠷᠬᠡᠨ
ᠭᠤᠸᠠᠯᠢᠬ ᠡᠷᠬᠢᠮᠰᠦᠭ ᠰᠠᠶ᠋ᠢᠬᠠᠨ ᠬᠠᠲᠤᠨ ᠪᠣᠯᠤᠨ᠎ᠠ᠃
4᠂ ᠡᠷᠬᠡ ᠲᠤᠭ ᠬᠠᠭᠠᠨ — ᠮᠢᠩᠶᠡᠨ ᠪᠠᠭᠠᠲᠤᠷ ᠦ᠋ᠨ ᠡᠴᠢᠭᠡ᠃
2023 ᠤᠨ ᠪ5 ᠰᠠᠷ᠎ᠠ ᠶ᠋ᠢᠨ4 ᠳᠤ ᠡᠯᠡᠰᠦᠲᠡᠢ ᠬᠣᠲᠠ ᠳᠤ ᠪᠢᠴᠢᠵᠤ ᠲᠡᠮᠲᠡᠭᠯᠡᠪᠡ᠃
ᠳ᠂ ᠨᠠᠷᠠᠰᠤ᠃

