ᠪᠠᠭᠰᠢ ᠮᠢᠨᠦ ᠵᠢᠷᠭᠠᠯ ( ᠣᠷᠱᠤᠨ ᠭᠣᠣᠯ ) - ᠦᠭᠡ : ᠸᠴᠢᠷᠵᠠᠪ ᠂ ᠠᠶ᠎ᠠ ᠄ ᠰᠠᠶ᠋ᠢᠨᠴᠤᠭᠲᠤ Багш миний жаргал ( Оршин гол ) – Үг : Очиржав ᠂ Ая ᠄ Сайнцогт
ᠪᠠᠭᠰᠢ ᠮᠢᠨᠦ ᠵᠢᠷᠭᠠᠯ
ᠦᠭᠡ ᠄ ᠸᠴᠢᠷᠵᠠᠪ
ᠠᠶ᠎ᠠ ᠄ ᠰᠠᠢᠨᠴᠣᠭᠲᠣ
ᠣ ᠶ᠋ᠢᠨ ᠪᠢᠷ ᠲᠡᠢ ᠴᠠᠭ ᠪᠦᠷᠢ ᠨᠥᠬᠥᠷᠯᠡᠭᠡᠳ
ᠣᠯᠠᠨ ᠬᠡᠦᠬᠡᠳ ᠲᠡᠢ ᠡᠲᠦᠷ ᠪᠦᠷᠢ ᠱᠤᠤᠭᠢᠯᠲᠤᠭᠠᠳ ᠂
ᠣᠯᠲᠠᠰᠢ ᠦᠭᠡᠢ ᠡᠨᠡ ᠠᠵᠢᠯ ᠳ᠋ᠠᠭᠠᠨ
ᠣᠮᠣᠭᠰᠢᠵᠤ ᠶᠠᠪᠤᠬᠤ ᠨᠢ ᠮᠢᠨᠦ ᠵᠢᠷᠭᠠᠯ ᠡ ᠃
ᠪᠠᠭᠠᠴᠤᠳ ᠦ᠋ᠨ ᠲᠥᠯᠥᠭᠡ
ᠪᠠᠬ᠎ᠠ ᠲᠠᠢ ᠠᠵᠢᠯᠯᠠᠬᠤ ᠨᠢ
ᠪᠠᠭᠰᠢ ᠮᠢᠨᠦ
ᠵᠢᠩᠬᠢᠨᠢ ᠵᠢᠷᠭᠠᠯ ᠡ ᠃
ᠰᠢᠨ᠎ᠡ ᠡᠷᠲᠡᠮ ᠊ᠢ ᠰᠢᠮᠲᠠᠨ ᠰᠤᠷᠬᠤ ᠳ᠋ᠤᠨᠢ
ᠴᠠᠭᠠᠰᠤ ᠨᠢ ᠪᠣᠯᠤᠭᠰᠠᠨ ᠴᠦ᠍ ᠪᠢ ᠳᠤᠷᠠᠲᠠᠢ ᠂
ᠰᠢᠨᠵᠢᠯᠡᠬᠦ ᠤᠬᠠᠭᠠᠨ ᠪ ᠣᠷᠭᠢᠯ ᠳ᠋ᠤ᠌ ᠠᠪᠠᠷᠢᠬᠤ ᠳ᠋ᠤᠨᠢ
ᠵᠠᠮ ᠨᠢ ᠪᠣᠯᠤᠭᠰᠠᠨ ᠴᠦ᠍ ᠪᠢ ᠪᠠᠶᠠᠷ ᠲᠠᠢ ᠃
ᠳᠠᠬᠢᠯᠲᠠ
ᠬᠥᠮᠦᠨ ᠪ ᠣᠷᠴᠢᠯᠠᠩ ᠳ᠋ᠤ᠌ ᠣᠶᠤᠲᠠᠨ ᠊ᠢ ᠪᠡᠯᠡᠭᠯᠡᠭᠡᠳ
ᠬᠦᠰᠡᠯᠡᠩ ᠦ᠋ᠨ ᠢᠷᠡᠭᠡᠲᠦᠢ ᠳ᠋ᠤ᠌ ᠬᠥᠯᠥᠰᠥ ᠪᠡᠨ ᠨᠡᠮᠡᠷᠢᠯᠡᠭᠡᠳ ᠂
ᠬᠥᠮᠦᠨ ᠲᠥᠷᠥᠯᠬᠢᠲᠡᠨ ᠪ ᠣᠶᠤᠨ ᠪ ᠢᠨᠵᠧᠨᠧᠷ ᠭᠡᠵᠦ
ᠬᠦᠨᠳᠦᠯᠡᠭᠳᠡᠵᠦ ᠶᠠᠪᠤᠬᠤ ᠨᠢ ᠮᠢᠨᠦ ᠵᠢᠷᠭᠠᠯ ᠡ !
ᠳᠠᠬᠢᠯᠲᠠ
ᠢᠷᠡᠯᠲᠡ ᠄
ᠥᠪᠥᠷ ᠮᠣᠩᠭᠣᠯ ᠦ᠋ᠨ ᠰᠣᠶᠣᠯ ᠦ᠋ᠨ ᠬᠡᠪᠯᠡᠯ ᠦ᠋ᠨ ᠬᠣᠷᠢᠶ᠎ᠠ ᠬᠡᠪᠯᠡᠭᠦᠯᠵᠦ ᠂ ᠥᠪᠥᠷ ᠮᠣᠩᠭᠣᠯ ᠦ᠋ᠨ ᠬᠠᠶ᠋ᠢᠯᠠᠷ ᠲᠡᠬᠢ ᠰᠢᠨᠬᠤᠸᠠ ᠬᠡᠪᠯᠡᠬᠦ ᠦᠢᠯᠡᠤᠠᠪᠦᠷᠢ ᠬᠡᠪᠯᠡᠭᠰᠡᠨ ᠂ ᠲᠣᠨᠲᠤᠪ ᠂ ᠲᠦᠭᠦᠷ ᠨᠠᠷ ᠵᠣᠬᠢᠶᠠᠵᠤ ᠂ ᠷᠠᠪᠲᠠᠨ ᠪ ᠠᠶ᠎ᠠ ᠦ᠋ᠨ ᠬᠢᠨᠠᠯᠲᠠ ᠲᠠᠢ ᠃1989 ᠣᠨ ᠪ 8 ᠰᠠᠷ᠎ᠠ ᠳ᠋ᠤ᠌ ᠠᠩᠬᠠᠲᠤᠭᠠᠷ ᠬᠡᠪ ᠊ᠢ ᠬᠢᠵᠦ ᠂ ᠲᠤᠰ ᠵᠢᠯ ᠦ᠋ᠨ 9 ᠰᠠᠷ᠎ᠠ ᠳ᠋ᠤ᠌ ᠠᠩᠬᠠᠲᠤᠭᠠᠷ ᠤᠲᠠᠬ᠋᠎ᠠ ᠬᠡᠪᠯᠡᠨ᠂ ᠬᠦᠯᠦᠨ ᠪᠣᠶ᠋ᠢᠷ ᠠᠶ᠋ᠢᠮᠠᠭ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠭᠰᠠᠨ ᠂《 ᠣᠷᠱᠤᠨ ᠭᠣᠣᠯ 》 ᠭᠡᠬᠦ ᠨᠣᠮ ᠠ᠋ᠴᠠ ᠡᠰᠢᠯᠡᠪᠡ ᠃
ᠦᠰᠦᠭ ᠠᠮᠢᠯᠠᠭᠤᠯᠤᠭᠴᠢ ᠄ ᠤᠷᠠᠨᠴᠡᠴᠡᠭ
ᠦᠰᠦᠭ ᠬᠢᠨᠠᠭᠴᠢ ᠄ ᠪᠠᠶᠠᠷᠴᠡᠴᠡᠭ
2023 ᠣᠨ ᠪ 5 ᠰᠠᠷ᠎ᠠ ᠶ᠋ᠢᠨ 14 ᠤ ᠡᠲᠦᠷ


