ᠮᠥᠩᠬᠡ ᠲᠩᠷᠢ ᠶ᠋ᠢᠨ ᠢᠷᠠᠭᠤ ᠡᠭᠡᠰᠢᠭ — ᠪᠣᠷᠵᠢᠭᠢᠨ ᠨᠤᠲᠤᠭ Мөнх тэнгэрийн яруу  эгшиг  — Боржигон Нутаг ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠥᠩᠬᠡ ᠲᠩᠷᠢ ᠶ᠋ᠢᠨ ᠢᠷᠠᠭᠤ ᠡᠭᠡᠰᠢᠭ — ᠪᠣᠷᠵᠢᠭᠢᠨ ᠨᠤᠲᠤᠭ Мөнх тэнгэрийн яруу  эгшиг  — Боржигон Нутаг

ᠮᠥᠩᠬᠡ ᠲᠩᠷᠢ ᠶ᠋ᠢᠨ ᠢᠷᠠᠭᠤ ᠡᠭᠡᠰᠢᠭ — ᠪᠣᠷᠵᠢᠭᠢᠨ ᠨᠤᠲᠤᠭ Мөнх тэнгэрийн яруу  эгшиг  — Боржигон Нутаг

2023-05-17

503

ᠮᠥᠩᠬᠡ ᠲᠩᠷᠢ ᠶ᠋ᠢᠨ ᠢᠷᠠᠭᠤ ᠡᠭᠡᠰᠢᠭ


                           ᠪᠣᠷᠵᠢᠭᠢᠨ ᠨᠤᠲᠤᠭ  

 ᠪᠤᠷᠬᠠᠨ ᠬᠠᠯᠲᠤᠨ ᠲᠩᠷᠢ ᠶ᠋ᠢᠨ ᠬᠤᠷᠤᠢ ᠪᠣᠰᠤᠬ᠋᠎ᠠ ᠮᠣᠩᠭᠣᠯ ᠦᠰᠦᠭ ᠶ᠋ᠢᠡᠨ 
 ᠪᠣᠷᠣᠭᠠᠨ ᠪ ᠮᠥᠩᠭᠥᠨ ᠡᠭᠡᠰᠢᠭ ᠶ᠋ᠢᠡᠷ ᠳᠣᠷᠣᠭᠰᠢ ᠠᠰᠬᠠᠷᠠᠭᠤᠯᠤᠨ ᠪᠢᠴᠢᠶ᠎ᠡ 
 ᠪᠤᠮᠠᠨ ᠠᠯᠠᠬ᠋᠎ᠠ ᠪᠠᠨ ᠳᠡᠯᠭᠡᠭᠰᠡᠨ ᠨᠠᠪᠴᠢᠨ ᠪ ᠨᠣᠭᠣᠭᠠᠨ ᠮᠥᠴᠢᠷ ᠰᠢᠭ᠌ 
 ᠪᠣᠷᠵᠢᠭᠢᠨ ᠮᠣᠩᠭᠣᠯ ᠬᠡᠯᠡ ᠪᠡᠨ ᠳᠡᠭᠡᠭᠰᠢ ᠪᠠᠤᠠᠮᠠᠯᠠᠭᠤᠯᠤᠨ ᠴᠡᠴᠡᠭᠯᠡᠭᠦᠯᠦᠶ᠎ᠡ ! 

 ᠤᠷᠭᠤᠮᠠᠯ ᠪᠦᠬᠦᠨ ᠪ ᠦᠨᠲᠦᠰᠦ ᠡᠴᠡ ᠳᠡᠩᠳᠡ ᠰᠢᠮ᠎ᠡ ᠠᠪᠴᠤ ᠤᠷᠲᠤᠰᠤᠨ ᠮᠢᠨᠦ ᠡᠬᠡ ᠬᠡᠯᠡ ᠠᠮᠢᠯᠠᠨ ᠠᠮᠢᠯᠠᠭᠰᠠᠭᠠᠷ 
 ᠤᠷᠤᠰᠬᠤ ᠭᠣᠣᠯ ᠮᠥᠷᠡᠨ ᠨᠤᠭᠦᠳ ᠤᠭᠠᠯᠵᠠᠷᠠᠨ ᠭᠣᠭᠴᠣᠭᠠᠷᠠᠵᠤ ᠮᠣᠩᠭᠣᠯ ᠦᠰᠦᠭ ᠶ᠋ᠢᠡᠷ ᠮᠢᠨᠢ ᠳᠠᠳᠠᠯᠠᠨ ᠲᠠᠲᠠᠯᠠᠭᠰᠠᠭᠠᠷ 
 ᠤᠶᠠᠩᠭᠠᠷᠠᠵᠤ ᠢᠷᠡᠳᠡᠭ ᠵᠥᠭᠡᠯᠡᠨ ᠰᠠᠯᠬᠢᠨ ᠪ ᠠᠶᠠᠰ ᠪᠦᠷᠢ ᠳ᠋ᠦ᠍ ᠦᠭᠡ ᠬᠡᠯᠡ ᠮᠢᠨᠢ ᠵᠥᠩᠲᠡᠭᠡᠨ ᠳᠠᠭᠤᠷᠢᠰᠤᠭᠰᠠᠭᠠᠷ
 ᠤᠷᠭᠤᠵᠤ ᠮᠠᠨᠲᠤᠬᠤ ᠣᠷᠴᠢᠯᠠᠩ ᠦ᠋ᠨ ᠨᠠᠷᠠᠨ ᠨᠢ ᠵᠥᠪ ᠡᠨᠧᠷ‍ᠬᠢ ᠰᠠᠴᠤᠷᠠᠭᠤᠯᠤᠨ ᠮᠣᠩᠭᠣᠯ ᠪᠢᠴᠢᠭ ᠊ᠢ ᠮᠢᠨᠢ ᠢᠪᠡᠭᠡᠭᠰᠡᠭᠡᠷ
 ᠠᠭᠤᠯᠠᠰ ᠦ᠋ᠨ ᠣᠷᠣᠢ ᠪᠠᠷ ᠨᠡᠭᠦᠲᠡᠯᠯᠡᠬᠦ ᠳᠣᠮᠣᠭ ᠦ᠋ᠨ ᠴᠠᠭᠠᠨ ᠬᠤᠨ ᠨᠤᠭᠤᠳ ᠤᠷᠲᠤ ᠶ᠋ᠢᠨ ᠳᠠᠭᠤᠤ ᠶ᠋ᠢ ᠮᠢᠨᠢ ᠳᠠᠭᠤᠯᠠᠭᠰᠠᠭᠠᠷ
 ᠠᠭᠢᠲᠤ ᠲᠠᠯ᠎ᠠ ᠶ᠋ᠢᠨ ᠥᠷᠥᠴᠡᠨ ᠳ᠋ᠡᠬᠢ ᠠᠲᠤᠭᠤᠳ ᠦ᠋ᠨ ᠲᠦᠪᠡᠷᠭᠡᠨ ᠰᠢᠭ᠌ ᠠᠶᠠᠯᠭᠤ ᠬᠡᠯᠡ ᠮᠢᠨᠢ ᠵᠢᠷᠦᠬᠡᠨ ᠳ᠋ᠦ᠍ ᠴᠣᠬᠢᠯᠠᠭᠰᠠᠭᠠᠷ ᠡ !

 ᠠᠩᠬ᠎ᠠ ᠪᠢ ᠡᠨᠡ ᠬᠣᠷᠸ᠋᠎ᠠ ᠳ᠋ᠦ᠍ ᠢᠷᠡᠬᠦ ᠦᠶᠡᠰ ᠠᠴᠢᠲᠤ ᠡᠬᠡ ᠶ᠋ᠢᠨ ᠶ᠋ᠢᠡᠨ ᠶᠣᠣᠯᠠᠬᠤ ᠳᠠᠭᠤᠨ ᠊ᠢ ᠣᠯᠵᠤ ᠰᠣᠨᠣᠰᠤᠯ᠎ᠠ
 ᠠᠬᠢᠭᠠᠳ ᠠᠮᠢᠰᠬᠤᠯ ᠮᠢᠨᠢ ᠰᠦᠷᠡᠬᠡᠢ ᠳᠠᠪᠬᠤᠴᠠᠵᠤ 《 ᠠ 》 ᠭᠡᠵᠦ ᠳᠠᠭᠤ ᠪᠠᠨ ᠤᠨᠠᠭᠠᠵᠤ ᠤᠬᠢᠯᠠᠵᠤ ᠲᠥᠷᠥᠯ᠎ᠡ
 ᠠᠶ᠋ᠢᠬᠤᠪᠲᠤᠷ ᠵᠣᠪᠠᠵᠤ ᠪᠠᠶ᠋ᠢᠬᠰᠠᠨ ᠢᠵᠢᠢ ᠮᠢᠨᠢ ᠬᠥᠭᠡᠷᠦᠬᠦᠢ ᠲᠡᠭᠡᠬᠦ ᠳ᠋ᠦ᠍ ᠭ᠌ᠱᠠᠨ ᠲᠠᠶ᠋ᠢᠤᠠᠬᠤᠷᠠᠵᠤ ᠠᠮᠵᠢᠬᠰᠠᠨ ᠶ᠋ᠢᠠᠨ
 ᠠᠷᠴᠠ ᠤᠲᠤᠯᠬ᠋᠎ᠠ ᠪᠠᠷ ᠠᠷᠢᠭᠤᠯᠠᠵᠤ ᠠᠮᠠᠨ ᠢᠷᠥᠭᠡᠯ ᠶ᠋ᠢᠡᠷ ᠪᠡᠯᠭᠡᠰᠢᠶᠡᠨ ᠠᠯᠲᠠᠩᠬᠠᠨ ᠬᠦᠢ ᠶ᠋ᠢ ᠮᠢᠨᠢ ᠥᠭᠡᠯᠡᠭᠰᠡᠨ ᠶ᠋ᠢᠡᠨ
 ᠠᠩᠭᠢᠷ ᠤᠭᠤᠷᠠᠭ ᠶ᠋ᠢᠠᠨ ᠡᠨᠡᠷᠢᠨ ᠰᠢᠮᠡᠭᠦᠯᠵᠦ ᠠᠮᠢ ᠨᠠᠰᠤ ᠶ᠋ᠢ ᠮᠢᠨᠢ ᠤᠷᠲᠤᠤᠠᠬᠠᠨ ᠠᠯᠲᠠᠨ ᠡᠬᠡ ᠬᠡᠯᠡ ᠤᠷᠭᠤᠭᠤᠯᠵᠤ
 ᠠᠷᠪᠠᠨ ᠰᠠᠷ᠎ᠠ ᠠᠴᠢᠵᠤ ᠬᠣᠷᠢᠨ ᠰᠠᠷ᠎ᠠ ᠬᠣᠷᠮᠣᠶ᠋ᠢᠯᠠᠵᠤ ᠠᠮᠢᠲᠤ ᠶ᠋ᠢᠨ ᠣᠷᠴᠢᠯᠠᠩ ᠳ᠋ᠦ᠍ ᠠᠵᠠ ᠵᠢᠷᠭᠠᠯ ᠣᠯᠭᠣᠯ᠎ᠠ ᠡ

 ᠦᠲᠡᠰᠢ ᠶ᠋ᠢᠨ ᠲᠩᠷᠢ ᠶ᠋ᠢᠨ ᠬᠠᠶᠠᠭᠠᠨ ᠳ᠋ᠦ᠍ ᠡᠭᠡᠰᠢᠭ ᠳᠣᠯᠣᠭᠠᠨ ᠣᠲᠣᠳ ᠮᠢᠨᠢ ᠰᠤᠪᠤᠳ ᠰᠢᠭ᠋ ᠭᠢᠯᠠᠯᠵᠠᠭᠰᠠᠨ
 ᠦᠷ ᠦ᠋ᠨ ᠣᠭ᠌ᠶᠤ ᠲᠤᠶᠠᠬ᠋᠎ᠠ ᠭᠡᠶ᠋ᠢᠬᠦ ᠳ᠋ᠦ᠍ ᠢᠷᠥᠭᠡᠯ ᠦ᠋ᠨ ᠮᠥᠩᠭᠥᠨ ᠳᠥᠷᠦᠭᠡᠨ ᠳ᠋ᠦ᠍ ᠰᠦ᠋ ᠳᠤᠰᠬᠠᠵᠤ ᠴᠠᠶ᠋ᠢᠯᠵᠠᠭᠰᠠᠨ
 ᠦᠢᠯᠡᠰ ᠦ᠋ᠨ ᠵᠢᠯᠣᠭᠣ ᠰᠤᠩᠭᠠᠬᠤ ᠳ᠋ᠦ᠍ ᠡᠷᠡᠮᠡᠭ ᠬᠥᠯᠥᠭ ᠦ᠋ᠨ ᠮᠢᠨᠢ ᠳᠡᠯ ᠳᠡᠭᠡᠷ᠎ᠡ ᠭᠠᠯ ᠰᠢᠭ᠋ ᠠᠰᠠᠵᠤ ᠳᠦᠷᠡᠯᠵᠡᠭ᠍ᠰᠡᠨ
 ᠥᠷᠭᠥᠭᠡ ᠭᠡᠷ ᠦ᠋ᠨ ᠮᠢᠨᠢ ᠬᠣᠶ᠋ᠢᠮᠣᠷ ᠠ᠋ᠴᠠ ᠥᠯᠥᠭᠡᠢ ᠳᠣᠲᠣᠷ᠎ᠠ ᠲᠣᠷᠨᠢᠬᠰᠠᠨ ᠡᠪᠦᠭᠡᠳ ᠦ᠋ᠨ ᠬᠠᠯᠠᠭᠤᠨ ᠵᠣᠭᠣᠭ ᠪᠢᠯᠡ
 ᠤᠨᠠᠭᠰᠠᠨ ᠭᠠᠵᠠᠷ ᠠ᠋ᠴᠠ ᠪᠠᠨ ᠰᠢᠷᠣᠢ ᠠᠤᠠᠬᠤᠵᠤ ᠪᠣᠰᠤᠭᠰᠠᠨ ᠡᠷ᠎ᠡ ᠬᠥᠮᠦᠨ ᠪᠣᠰᠤᠬ᠋᠎ᠠ ᠶᠠᠪᠤᠬᠤ ᠲᠠᠩᠭᠠᠷᠢᠬ ᠲᠠᠢ ᠠ᠋ᠴᠠ
 ᠡᠵᠢ ᠶ᠋ᠢᠨ ᠶ᠋ᠢᠡᠨ ᠠᠷᠢᠭᠤᠨ ᠰᠦ᠋ ᠶ᠋ᠢᠨ ᠰᠢᠮ᠎ᠡ ᠪᠡᠷ ᠪᠦᠲᠦᠭ᠍ᠰᠡᠨ ᠡᠬᠡ ᠬᠡᠯᠡ ᠪᠡᠨ ᠡᠯᠢᠭᠡᠨ ᠳ᠋ᠦ᠍ ᠪᠡᠨ ᠡᠩᠬᠡᠵᠢᠭᠦᠯᠵᠦ ᠶᠠᠪᠤᠨ᠎ᠠ ᠡ

 ᠰᠣᠨᠲᠣᠷ ᠬᠡᠯᠬᠢᠭ᠍ᠰᠡᠨ ᠰᠤᠤ ᠤᠬᠠᠭᠠᠨ ᠠ᠋ᠴᠠ ᠲᠣᠷᠭᠠᠨ ᠤᠲᠠᠰᠤ ᠰᠦᠪᠡᠯᠡᠵᠦ ᠠᠮᠢᠲᠤᠷᠠᠯ ᠦ᠋ᠨ ᠴᠣᠭᠣᠷᠬᠠᠢ ᠶ᠋ᠢ ᠨᠥᠬᠥᠵᠦ
 ᠰᠤᠷᠬᠤᠢ ᠶ᠋ᠢᠨ ᠬᠦᠰᠡᠯ ᠳ᠋ᠦ᠍ ᠬᠥᠲᠥᠯᠳᠡᠭ ᠨᠢᠭᠤᠴᠠ ᠲᠣᠪᠴᠢᠶᠠᠨ ᠠᠯᠲᠠᠨ ᠲᠣᠪᠴᠢ ᠡᠷᠲᠡᠨᠢ ᠶ᠋ᠢᠨ ᠲᠣᠪᠴᠢ ᠶ᠋ᠢ ᠰᠡᠶ᠋ᠢᠷᠡᠭᠦᠯᠵᠦ
 ᠰᠤᠤᠲᠤ ᠮᠡᠷᠭᠡᠨ ᠰᠤᠲᠤᠷ ᠠ᠋ᠴᠠ ᠦᠯᠵᠡᠶ᠋ᠢᠬᠤᠲᠤᠭ ᠨᠠᠢ᠍ᠮᠠᠨ ᠭᠡᠭᠡᠨ ᠠᠯᠲᠠᠨᠭᠡᠷᠡᠯ ᠊ᠢ ᠮᠣᠩᠭᠣᠯ ᠶ᠋ᠢᠠᠷ ᠬᠥᠷᠪᠡᠭᠦᠯᠦᠨ ᠪᠠᠭᠤᠯᠭᠠᠵᠤ
 ᠰᠤᠷᠭᠠᠮᠵᠢᠲᠤ ᠰᠢᠯᠦᠭᠴᠢ ᠳ᠋ᠠᠨᠽᠠᠨᠷᠠᠪᠴᠢ ᠶ᠋ᠢᠨ ᠬᠤᠷᠮᠤᠰᠲᠠ ᠶ᠋ᠢᠨ ᠭᠦᠨ ᠤᠬᠠᠭᠠᠨ ᠡᠴᠡ ᠦᠯᠡᠮᠵᠢ ᠶ᠋ᠢᠨ ᠴᠢᠨᠠᠷ ᠣᠷᠣᠰᠢᠬᠰᠠᠨ
 ᠰᠠᠷᠠᠨ ᠮᠥᠩᠭᠥᠨ ᠲᠩᠷᠢ ᠪᠡᠨ ᠰᠢᠲᠦᠵᠦ ᠬᠥᠯᠭᠡᠨ ᠭᠣᠪᠢ ᠳ᠋ᠠᠭᠠᠨ ᠡᠭᠡᠯᠵᠢᠯᠡᠨ ᠨᠡᠭᠦᠳᠡᠯᠯᠡᠳᠡᠭ ᠮᠣᠩᠭᠣᠯᠴᠤᠳ ᠦ᠋ᠨ
 ᠰᠠᠶ᠎ᠠ ᠵᠢᠤ᠎ᠠ ᠣᠨ ᠪ ᠬᠠᠭᠤᠲᠠᠰᠤᠨ ᠳ᠋ᠦ᠍ ᠰᠢᠵᠢᠷ ᠠᠯᠲᠠ ᠠ᠋ᠴᠠ ᠦᠨᠡᠲᠡᠢ ᠡᠯᠡᠭᠳᠡᠵᠦ ᠦᠯᠡᠳᠡᠭᠰᠡᠨ ᠦᠣᠬᠡ ᠲᠡᠦᠬᠡ ᠮᠢᠨᠦ

 ᠪᠣᠲᠣᠯ ᠰᠡᠤᠠᠬᠢᠯ ᠦ᠋ᠨ ᠮᠢᠨᠢ ᠤᠶ᠋ᠢᠤᠠᠬᠠᠷ ᠭᠤᠨᠢᠬ ᠊ᠢ ᠲᠠᠶ᠋ᠢᠯᠤᠨ ᠠᠮᠢᠰᠬᠤᠯ ᠦ᠋ᠨ ᠲᠣᠭᠠᠯᠠᠩ ᠪᠦᠷᠢ ᠠᠮᠤᠷᠵᠢᠭᠤᠯᠤᠭᠰᠠᠨ
 ᠪᠤᠯᠭᠢᠬᠤ ᠵᠢᠷᠦᠬᠡᠨ ᠪ ᠮᠢᠨᠢ ᠠᠶ᠋ᠢᠵᠠᠮ ᠴᠣᠬᠢᠯᠬ᠋᠎ᠠ ᠳ᠋ᠦ᠍ ᠬᠢᠵᠠᠭᠠᠷ ᠦᠭᠡᠢ ᠠᠷᠢᠭᠤᠨ ᠬᠠᠶ᠋ᠢᠷ᠎ᠠ ᠪᠠᠨ ᠶᠡᠭᠦᠯᠡᠭᠰᠡᠨ
 ᠪᠤᠭᠤᠷᠤᠯ ᠴᠢᠯᠠᠭᠤᠳ ᠨᠢ ᠳᠣᠮᠣᠭ ᠬᠠᠶ᠋ᠢᠯᠠᠬᠤ ᠳ᠋ᠦ᠍ ᠪᠤᠯᠠᠩᠭᠢᠷ ᠦᠭᠡᠢ ᠤᠶᠠᠨ ᠴᠢᠨᠠᠷ ᠊ᠢ ᠪᠦᠷᠢᠯᠲᠦᠭᠦᠯᠦᠭᠰᠡᠨ
 ᠪᠤᠮᠠᠨ ᠡᠪᠡᠰᠦᠨ ᠪ ᠰᠡᠵᠢᠭᠦᠷ ᠳᠠᠮᠵᠢᠭᠤᠯᠤᠨ ᠢᠨᠢᠶᠡᠲᠦ ᠱᠠᠭᠢᠭᠤᠯᠵᠤ ᠴᠢᠬᠢᠨ ᠳ᠋ᠦ᠍ ᠮᠢᠨᠢ ᠰᠡᠮᠬᠡᠨ ᠰᠢᠪᠡᠨᠡᠯᠳᠦᠭᠰᠡᠨ
 ᠪᠣᠭᠱᠣᠷᠬ᠋᠎ᠠ ᠰᠢᠪᠠᠭᠤᠳ ᠊ᠢ ᠬᠡᠯᠡ ᠳ᠋ᠦ᠍ ᠣᠷᠣᠭᠤᠯᠵᠤ ᠪᠢᠴᠢᠬᠠᠨ ᠳᠠᠯᠠᠪᠴᠢᠨ ᠳ᠋ᠤᠨᠢ ᠤᠶᠠᠩᠬ᠋᠎ᠠ ᠵᠢᠷᠭᠢᠭᠦᠯᠦᠭᠰᠡᠨ
 ᠪᠣᠷᠣᠬᠠᠨ ᠮᠢᠨᠦ ᠬᠡᠯᠡ ᠮᠢᠨᠢ ᠳᠠᠭᠤᠰᠤᠰᠢ ᠦᠭᠡᠢ ᠵᠠᠩᠭᠠᠷ ᠦ᠋ᠨ ᠲᠤᠤᠯᠢ ᠭᠡᠰᠡᠷ ᠦ᠋ᠨ ᠲᠣᠭᠣᠵᠢ ᠶ᠋ᠢᠨ ᠦᠷᠭᠦᠯᠵᠢᠯᠡᠯ ᠪᠢᠯᠡ

 ᠦᠨᠲᠦᠰᠦᠲᠡᠨ ᠲᠦᠮᠡᠨ ᠪ ᠪᠡᠨ ᠬᠡᠶ᠋ᠢᠮᠣᠷᠢ ᠶ᠋ᠢ ᠬᠤᠷᠤᠶ᠋ᠢᠯᠠᠭᠰᠠᠨ ᠳᠠᠯᠳᠠ ᠶ᠋ᠢᠨ ᠬᠦᠴᠦᠨ ᠬᠥᠬᠡ ᠮᠣᠩᠭᠣᠯ ᠦ᠋ᠨ ᠢᠷᠡᠭᠡᠲᠦᠢ
 ᠡᠷᠬᠡ ᠴᠢᠯᠥᠭᠡ ᠦᠨᠡᠨ ᠪ ᠲᠥᠯᠥᠭᠡ ᠮᠢᠩᠭᠠᠨ ᠭᠠᠯᠪᠠ ᠳ᠋ᠦ᠍ ᠬᠤᠪᠢᠷᠠᠰᠢ ᠦᠭᠡᠢ ᠥᠷᠢᠰᠦᠨ ᠲᠡᠮᠡᠴᠡᠬᠦ ᠴᠢᠰᠤᠨ ᠪᠢᠴᠢᠭᠡᠰᠦ
 ᠡᠰᠡᠨᠢᠬᠦ ᠬᠠᠪᠤᠷ ᠠᠮᠢᠯᠠᠵᠤ ᠢᠷᠡᠬᠦ  ᠳ᠋ᠦ᠍ ᠭᠠᠲᠠ ᠮᠡᠶ᠋ᠢᠷᠡᠨ ᠶ᠋ᠢᠡᠨ ᠮᠥᠷᠦᠭᠡᠳᠳᠡᠭ ᠦᠯᠵᠡᠶ᠋ᠢᠮᠥᠷᠡᠨ ᠪ ᠳᠥᠯᠭᠡᠬᠡᠨ ᠤᠷᠤᠰᠬᠠᠯ
 ᠥᠨᠢ ᠦᠯᠡᠲᠡᠵᠦ ᠵᠣᠭᠰᠣᠬ᠋᠎ᠠ ᠪᠠᠷ ᠶ᠋ᠢᠠᠨ ᠱᠤᠭᠤᠭᠲᠠᠭᠰᠠᠨ ᠮᠠᠩᠯᠠᠢ ᠪᠠᠭᠠᠲᠤᠷ ᠳᠠᠮᠳᠢᠨᠰᠦ᠋ᠷᠦᠩ ᠦ᠋ᠨ ᠮᠥᠩᠬᠡ ᠳᠤᠷᠠᠰᠤᠮᠵᠢ
 ᠥᠷᠲᠥᠬᠦ ᠰᠤᠮᠤᠨ ᠠ᠋ᠴᠠ ᠡᠬᠡ ᠣᠷᠣᠨ ᠭᠠᠵᠠᠷ ᠰᠢᠷᠣᠢ ᠪᠠᠨ ᠥᠷᠥᠴᠡ ᠪᠡᠷ ᠶ᠋ᠢᠡᠨ ᠬᠠᠯᠠᠭᠯᠠᠲᠠᠭ ᠮᠣᠩᠭᠣᠯ ᠬᠥᠮᠦᠨ ᠪ
 ᠦᠶ᠎ᠡ ᠶ᠋ᠢᠨ ᠦᠶ᠎ᠡ ᠳ᠋ᠦ᠍ ᠬᠦᠢ ᠲᠠᠰᠤᠷᠠᠰᠢ ᠦᠭᠡᠢ ᠮᠠᠨᠲᠤᠨ ᠪᠠᠲᠠᠷᠠᠬᠤ ᠮᠢᠨᠦ ᠦᠭᠡ ᠬᠡᠯᠡ ᠦᠰᠦᠭ ᠪᠢᠴᠢᠭ ᠮᠢᠨᠢ

 ᠴᠠᠭ ᠦ᠋ᠨ ᠬᠥᠷᠲᠦ ᠶ᠋ᠢᠨ ᠡᠯᠡᠭᠡᠯᠲᠡ ᠪᠡᠷ ᠴᠡᠴᠡᠨ ᠤᠬᠠᠭᠠᠨ ᠰᠡᠶ᠋ᠢᠯᠵᠦ ᠠᠯᠲᠠᠨ ᠬᠣᠩᠬᠣ ᠰᠢᠭ᠋ ᠵᠢᠩᠭᠢᠨᠡᠨ
 ᠴᠠᠪ ᠴᠠᠭᠠᠨ ᠴᠠᠭᠠᠰᠤᠨ ᠳᠡᠭᠡᠷ᠎ᠡ ᠬᠠᠪ ᠬᠠᠷ᠎ᠠ ᠪᠡᠬᠢ ᠳᠤᠰᠤᠯᠠᠭᠤᠯᠵᠤ ᠣᠶᠤᠨ ᠪᠢᠯᠢᠭ ᠊ᠢ ᠨᠡᠭᠡᠭᠡᠭᠲᠡᠭᠦᠯᠦᠨ
 ᠴᠤᠴᠠᠰᠢ ᠦᠭᠡᠢ ᠠᠤᠬ᠋᠎ᠠ ᠵᠣᠷᠢᠬ ᠶ᠋ᠢᠠᠷ ᠰᠠᠭᠠᠳ ᠪᠦᠬᠦᠨ ᠊ᠢ ᠢᠯᠠᠨ ᠳᠠᠪᠠᠵᠤ ᠬᠠᠷᠠᠬ᠋᠎ᠠ ᠰᠣᠨᠣᠷ ᠶ᠋ᠢᠠᠨ ᠳᠡᠯᠡᠵᠦ
 ᠴᠠᠬᠢᠯᠭᠠᠨ ᠴᠠᠬᠢᠯᠠᠵᠤ ᠮᠣᠩᠭᠣᠯ ᠦᠰᠦᠭ ᠶ᠋ᠢᠡᠷ ᠲᠠᠲᠠᠯᠠᠨ ᠮᠥᠩᠭᠥᠨ ᠪᠣᠷᠣᠭᠠᠨ ᠶ᠋ᠢᠠᠷ ᠠᠰᠬᠠᠷᠠᠭᠤᠯᠤᠨ ᠪᠢᠴᠢᠭᠰᠡᠨ ᠁
 ᠴᠡᠯᠮᠡᠭ ᠲᠩᠷᠢ ᠶ᠋ᠢᠨ ᠭᠦᠨ ᠬᠡᠪᠡᠯᠢ ᠳ᠋ᠦ᠍ ᠭᠡᠭᠡᠨ ᠰᠣᠯᠣᠩᠬ᠋᠎ᠠ ᠲᠠᠲᠠᠭᠤᠯᠵᠤ ᠢᠷᠮᠡᠭᠦᠨ ᠬᠦᠰᠡᠯ ᠵᠢᠭᠦᠷᠯᠡᠬᠦᠯᠦᠨ
 ᠴᠠᠭᠯᠠᠰᠢ ᠦᠭᠡᠢ ᠶᠡᠬᠡ ᠦᠢᠯᠡ ᠶ᠋ᠢ ᠪᠦᠲᠦᠭᠡᠯᠭᠡᠭᠰᠡᠨ ᠠᠭᠤᠤ ᠮᠣᠩᠭᠣᠯ ᠳᠠᠷᠬᠠᠨ ᠬᠡᠯᠡ ᠰᠣᠶᠣᠯ ᠮᠢᠨᠢ

 ᠪᠦᠷᠭᠦᠳ ᠦ᠋ᠨ ᠬᠣᠣᠰ ᠳᠠᠯᠠᠪᠴᠢ ᠰᠢᠭ᠋ ᠮᠣᠩᠭᠣᠯ ᠦ᠋ᠨ ᠬᠥᠬᠡ ᠲᠤᠭ ᠣᠭᠲᠠᠷᠭᠤᠢ ᠶ᠋ᠢᠨ ᠭᠦᠨ ᠳ᠋ᠦ᠍ ᠨᠠᠮᠢᠷᠠᠭᠰᠠᠨ
 ᠪᠡᠬᠢᠯᠡᠵᠦ ᠡᠭᠦᠷᠦᠭᠰᠡᠨ ᠰᠠᠭᠠᠲᠠᠭ ᠦ᠋ᠨ ᠰᠤᠮᠤ ᠨᠢ ᠡᠷ᠎ᠡ ᠬᠥᠮᠦᠨ ᠪ ᠲᠠᠩᠭᠠᠷᠢᠬ ᠰᠢᠭ᠋ ᠲᠥᠭᠡᠷᠢᠳᠡᠭ ᠶᠣᠰᠣ ᠦᠭᠡᠢ
 ᠪᠥᠰᠡᠨ ᠳ᠋ᠦ᠍ ᠪᠡᠨ ᠰᠦᠢᠷᠡᠭᠰᠡᠨ ᠰᠡᠯᠡᠮ᠎ᠡ ᠶ᠋ᠢᠨ ᠦᠵᠦᠭᠦᠷ ᠨᠢ ᠭᠦᠨ ᠴᠡᠩᠬᠡᠷ ᠠᠭᠠᠷ ᠲᠤ ᠡᠬᠡ ᠬᠡᠯᠡ ᠪᠡᠷ ᠮᠢᠨᠢ ᠵᠢᠷᠤᠭᠲᠠᠵᠤ
 ᠪᠥᠬᠥᠲᠡ ᠮᠣᠩᠭᠣᠯ ᠦ᠋ᠨ ᠴᠢᠰᠤᠨ ᠳ᠋ᠦ᠍ ᠰᠢᠩᠭᠡᠵᠦ ᠶᠠᠰᠤᠨ ᠳ᠋ᠦ᠍ ᠰᠡᠢᠯᠦᠭᠳᠡᠭᠰᠡᠨ ᠪᠦᠯᠬᠦᠮᠲᠡᠯ ᠦ᠋ᠨ ᠤᠷᠠᠢ ᠳᠠᠭᠤᠨ
 ᠪᠥᠷᠲᠡ ᠴᠢᠨᠣ᠎ᠠ ᠭᠣᠣ᠎ᠠ ᠮᠠᠷᠠᠯ ᠦ᠋ᠨ ᠦᠨᠡᠨ ᠲᠡᠦᠬᠡᠨ ᠡᠴᠡ ᠬᠢᠶᠠᠨ ᠶᠠᠰᠤᠲᠠᠨ ᠨᠢ ᠠᠯᠲᠠᠨ ᠲᠥᠷᠥ ᠪᠡᠨ ᠪᠣᠰᠬᠠᠵᠤ
 ᠪᠥᠬᠥᠰᠢ ᠦᠭᠡᠢ ᠪᠦᠲᠦᠨ ᠤᠬᠠᠭᠠᠨ ᠶ᠋ᠢᠠᠷ ᠪᠥᠮᠪᠥᠷᠴᠡᠭ ᠦ᠋ᠨ ᠬᠠᠶᠠᠬ᠋᠎ᠠ ᠬᠦᠷᠲᠡᠯ᠎ᠡ ᠠᠯᠲᠠᠷ ᠶ᠋ᠢᠠᠨ ᠳᠠᠭᠤᠷᠢᠰᠤᠭᠤᠯᠤᠭᠰᠠᠨ ᠶᠤᠮ

 ᠪᠤᠮᠠᠨ ᠳᠣᠯᠭᠢᠶᠠᠨ ᠰᠠᠴᠤᠷᠠᠭᠤᠯᠵᠤ ᠶᠠᠲᠤᠬ᠋᠎ᠠ ᠶ᠋ᠢᠨ ᠴᠢᠪᠬᠠᠲᠠᠰᠤᠨ ᠪ ᠠᠶᠠᠯᠭᠤ ᠡᠭᠦᠰᠬᠡᠭᠰᠡᠨ ᠮᠢᠨᠦ ᠡᠬᠡ ᠬᠡᠯᠡ ᠮᠢᠨᠢ
 ᠪᠣᠲᠣᠯᠬ᠋᠎ᠠ ᠴᠡᠴᠡᠨ ᠥᠭᠡᠯᠦᠨ ᠡᠬᠡ ᠠᠩᠬ᠎ᠠ ᠦᠷ᠎ᠡ ᠪᠡᠨ ᠬᠠᠷᠠᠵᠤ ᠢᠭᠳᠦᠯᠬᠦ ᠳ᠋ᠦ᠍ ᠨᠢ ᠤᠨᠠᠭᠠᠭᠰᠠᠨ ᠨᠢᠯᠪᠤᠰᠤ ᠰᠢᠭ᠋
 ᠪᠤᠲᠠᠩ ᠨᠢ ᠰᠠᠷᠨᠢᠬᠰᠠᠨ ᠳᠡᠯᠢᠭᠦᠨ ᠪᠣᠯᠲᠣᠭ ᠦ᠋ᠨ ᠪᠣᠯᠣᠷ ᠮᠡᠲᠦ ᠴᠡᠭᠡᠨ ᠴᠢᠯᠠᠭᠤ ᠪᠠᠷ ᠬᠦᠢ ᠶ᠋ᠢ ᠨᠢ ᠦᠭᠡᠯᠡᠬᠦ ᠳ᠋ᠦ᠍
 《 ᠠᠶ᠎ᠠ ᠠᠭᠤᠯᠠᠨ ᠳ᠋ᠤᠷ ᠲᠥᠷᠥᠭᠰᠡᠨ ᠠᠩᠬ᠋᠎ᠠ ᠨᠢᠯᠬ᠎ᠠ ᠮᠢᠨᠦ ᠡᠪᠡᠰᠦᠨ ᠳ᠋ᠤᠷ ᠤᠨᠠᠭᠰᠠᠨ ᠡᠷᠲᠡᠨᠢ ᠬᠡᠦᠬᠡ ᠮᠢᠨᠦ
 ᠠᠴᠢ ᠴᠢᠨᠦ ᠦᠢ ᠴᠠᠭᠠᠨ ᠡᠪᠡᠰᠦᠨ ᠳ᠋ᠤᠷ ᠠᠲᠠᠯᠢ ᠣᠯᠠᠨ ᠪᠣᠯᠲᠤᠭᠠᠢ 》 ᠭᠡᠵᠦ ᠢᠷᠦᠭᠡᠭᠰᠡᠨ ᠰᠦᠨ ᠰᠠᠴᠤᠯᠢ ᠰᠢᠭ᠋
 《 ᠬᠠᠭᠠᠨ ᠤᠭᠰᠠᠬ᠋᠎ᠠ ᠴᠢᠨᠦ ᠬᠠᠲᠠ ᠴᠢᠯᠠᠭᠤᠨ ᠳ᠋ᠤᠷ ᠠᠲᠠᠯᠢ ᠪᠠᠲᠤ ᠪᠣᠯᠲᠤᠭᠠᠢ 》 ᠭᠡᠵᠦ ᠵᠦᠨᠭᠨᠡᠭᠰᠡᠨ ᠦᠭᠡ ᠬᠡᠯᠡ ᠮᠢᠨᠦ

 ᠪᠤᠷᠬᠠᠨ ᠬᠠᠯᠲᠤᠨ ᠠ᠋ᠴᠠ ᠡᠬᠢ ᠠᠪᠴᠤ ᠤᠷᠤᠰᠤᠭᠰᠠᠨ ᠬᠡᠷᠦᠯᠦᠨ ᠣᠨᠣᠨ ᠲᠤᠤᠯᠠ ᠶ᠋ᠢᠨ ᠲᠤᠩᠭᠠᠯᠠᠭ ᠴᠡᠭᠡᠯ ᠳ᠋ᠦ᠍
 ᠪᠣᠷᠵᠢᠭᠢᠨ ᠠᠶ᠋ᠢᠮᠠᠭ ᠦ᠋ᠨ ᠲᠩᠷᠢ ᠶ᠋ᠢᠨ ᠢᠪᠡᠭᠡᠯ ᠳ᠋ᠦ᠍ ᠲᠡᠳᠬᠦᠭᠳᠡᠭᠰᠡᠨ ᠪᠤᠲᠠᠨᠴᠢᠷ ᠮᠤᠩᠬᠠᠭ ᠪᠡᠷᠲᠡᠨ ᠪᠠᠭᠠᠲᠤᠷ ᠦ᠋ᠨ ᠬᠣᠶ᠋ᠢᠴᠢᠰ
 ᠪᠠᠷᠠᠭᠤᠨ ᠨᠢᠲᠤᠷᠬ᠋᠎ᠠ ᠳ᠋ᠠᠭᠠᠨ ᠨᠥᠵᠢ ᠠᠤᠠᠬᠤᠵᠤ ᠲᠥᠷᠥᠭᠰᠡᠨ ᠨᠢ ᠪᠤᠲᠠᠷᠬᠠᠢ ᠮᠣᠩᠭᠣᠯ ᠶ᠋ᠢᠠᠨ ᠨᠢᠭᠡᠤᠠᠬᠡᠬᠦ ᠶ᠋ᠢᠨ ᠤᠴᠢᠷ
 ᠪᠠᠶ᠋ᠢᠯᠲᠤᠬᠤ ᠴᠠᠭ ᠲᠤᠷ ᠪᠠᠭᠠᠲᠤᠷ ᠢᠲᠡᠲᠡᠨ ᠨᠤᠭᠦᠳ ᠬᠤᠷᠠᠨ ᠴᠤᠭᠯᠠᠷᠠᠵᠤ ᠠᠪᠤᠷᠭᠤ ᠯᠤᠤ ᠠᠷᠰᠯᠠᠨ ᠪᠠᠷᠰ ᠮᠡᠲᠦ
 ᠪᠠᠲᠤ ᠲᠥᠷᠥ ᠪᠡᠨ ᠪᠠᠶ᠋ᠢᠭᠤᠯᠬᠤ ᠳ᠋ᠦ᠍ ᠬᠥᠮᠦᠨ ᠪ ᠰᠡᠤᠠᠬᠢᠯ ᠊ᠢ ᠡᠵᠡᠮᠲᠡᠨ ᠠᠷᠬ᠋᠎ᠠ  ᠪᠢᠯᠢᠭ ᠬᠣᠣᠰᠯᠠᠭᠰᠠᠨ ᠠᠭᠤᠤ ᠭᠦᠨ ᠤᠬᠠᠭᠠᠲᠠᠨ
 ᠪᠣᠭᠲᠠ ᠡᠵᠡᠨ ᠴᠢᠩᠭᠢᠰ ᠬᠠᠭᠠᠨ ᠪ ᠠᠯᠲᠠᠨ ᠰᠤᠷᠭᠠᠯ ᠊ᠢ ᠥᠨᠢᠲᠡ ᠥᠪᠯᠡᠭᠰᠡᠨ ᠪᠣᠰᠤᠬ᠋᠎ᠠ ᠴᠠᠮᠬᠠᠭ ᠴᠢᠯᠠᠭᠤᠨ ᠪᠢᠴᠢᠭ ᠮᠢᠨᠢ ᠁

     ᠦᠰᠦᠭ ᠠᠮᠢᠯᠠᠭᠤᠯᠤᠭᠴᠢ ᠄ ᠱᠠᠭᠰᠠᠯ
     ᠬᠢᠨᠠᠭᠴᠢ ᠄ ᠣᠳᠬᠠᠨᠰᠣ᠎ᠠ