ᠴᠠᠭᠠᠨ ᠢᠲᠡᠭᠡ ᠬᠡᠮᠡᠭᠴᠢ ᠨᠡᠷᠡᠶ᠋ᠢᠲᠦᠯ ᠶ᠋ᠢᠡᠷ ᠶ᠋ᠢᠡᠨ ᠭᠣᠶᠣ Цагаан идээ хэмээгч нэрийдлээрээ гоё ᠵᠠᠩ ᠦᠢᠯᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠠᠭᠠᠨ ᠢᠲᠡᠭᠡ ᠬᠡᠮᠡᠭᠴᠢ ᠨᠡᠷᠡᠶ᠋ᠢᠲᠦᠯ ᠶ᠋ᠢᠡᠷ ᠶ᠋ᠢᠡᠨ ᠭᠣᠶᠣ Цагаан идээ хэмээгч нэрийдлээрээ гоё

ᠴᠠᠭᠠᠨ ᠢᠲᠡᠭᠡ ᠬᠡᠮᠡᠭᠴᠢ ᠨᠡᠷᠡᠶ᠋ᠢᠲᠦᠯ ᠶ᠋ᠢᠡᠷ ᠶ᠋ᠢᠡᠨ ᠭᠣᠶᠣ Цагаан идээ хэмээгч нэрийдлээрээ гоё

ᠠᠩᠭᠢᠯᠠᠯ:ᠵᠠᠩ ᠦᠢᠯᠡ
2023-05-17

540

ᠴᠠᠭᠠᠨ ᠢᠲᠡᠭᠡ ᠬᠡᠮᠡᠭᠴᠢ ᠨᠡᠷᠡᠶ᠋ᠢᠲᠦᠯ ᠶ᠋ᠢᠡᠷ ᠶ᠋ᠢᠡᠨ ᠭᠣᠶᠣ


      ᠠ‍ ᠦᠰᠦᠭ ᠡᠷᠳᠡᠮ ᠦ᠋ᠨ ᠳᠡᠭᠡᠵᠢ ᠂  
      ᠠᠶᠠᠭ᠎ᠠ ᠴᠠᠢ ᠢᠳᠡᠭᠡᠨ ᠦ᠌ ᠳᠡᠭᠡᠵᠢ ᠃ ᠡᠨᠳᠡ ᠬᠡᠯᠡᠵᠦ ᠪᠠᠶ᠋ᠢᠬ᠋᠎ᠠ 《 ᠴᠠᠢ 》 ᠭᠡᠭᠴᠢ ᠨᠢ ᠬᠠᠷ᠎ᠠ ᠴᠠᠢ ᠪᠢᠰᠢ ᠂ ᠬᠥᠬᠡ ᠴᠠᠢ ᠴᠦ᠍ ᠪᠢᠰᠢ ᠂ ᠦᠷᠮᠡᠭ ᠴᠠᠢ ᠪᠢᠰᠢ ᠂ ᠥᠩᠭᠡᠲᠦ ᠴᠠᠢ ᠴᠦ᠍ ᠪᠢᠰᠢ ᠭᠡᠳᠡᠭ ᠊ᠢ ᠲᠠ ᠪᠦᠬᠦᠨ ᠶᠠᠭᠤ ᠠᠨᠳᠠᠬᠤ ᠪᠢᠯᠡ ᠃ ᠰᠦ ᠲᠡᠢ ᠴᠠᠢ ᠶ᠋ᠢ ᠯᠡ ᠬᠡᠯᠡᠵᠦ ᠪᠠᠶ᠋ᠢᠬᠤ ᠶᠤᠮ ᠃ ᠨᠡᠩ 《 ᠳᠡᠭᠡᠵᠢ 》 ᠭᠡᠬᠦ ᠪᠡᠷ ᠯᠠ 《 ᠰᠦ 》 ᠠᠮᠲᠠᠭᠳᠠᠨ᠎ᠠ ᠃ ᠰᠦ ᠪᠤᠷᠬᠠᠨ ᠤ᠋ ᠥᠭᠭᠦᠯᠭᠡ ᠪᠠᠶ᠋ᠢᠪᠠᠤ ᠳᠠ ᠃  
      ᠪᠤᠭᠤᠷᠤᠯ ᠡᠵᠢ ᠮᠢᠨᠢ / ᠪᠤᠷᠬᠠᠨ ᠲᠩᠷᠢ ᠳ᠋ᠡᠭᠡᠨ ᠰᠠᠴᠤᠯᠢ ᠡᠷᠭᠦᠨ᠎ᠡ ᠭᠡᠬᠦ ᠪᠡᠷ ᠪᠦᠷ ᠴᠦ᠍ ᠲᠠᠪᠤᠨ ᠬᠣᠰᠢᠭᠤ ᠮᠠᠯ ᠤ᠋ᠨ ᠮᠢᠨᠢ ᠰᠦᠨ ᠬᠡᠰᠢᠭ ᠢ᠋ᠶ᠋ᠡᠷ 《 ᠨᠢᠭᠦᠯᠡᠰᠦᠩᠭᠦᠢ ᠶᠢᠷᠲᠢᠨᠴᠦ 》 ᠨᠡᠭᠡᠭᠡᠭᠳᠡᠵᠦ ᠦᠵᠡᠭᠳᠡᠬᠦ ᠪᠢᠵᠡ ᠃ ᠰᠦ ᠪᠣᠯ ᠴᠠᠭᠠᠨ ᠢᠳᠡᠭᠡᠨ ᠦ᠌ ᠠᠮᠢᠨ ᠳᠡᠭᠡᠵᠢ ᠶᠦ᠍ᠮ ᠃ 
     《 ᠴᠠᠭᠠᠨ ᠢᠳᠡᠭᠡ 》 ᠭᠡᠭᠴᠢ ᠳᠡᠯᠡᠬᠡᠢ ᠳ᠋ᠦ᠍ ᠭᠠᠭᠴᠠᠬᠠᠨ ᠮᠣᠩᠭᠣᠯᠴᠤᠳ ᠲᠤ᠌ ᠯᠠ ᠪᠠᠶ᠋ᠢᠲᠠᠭ ᠬᠠᠮᠤᠭ ᠤ᠋ᠨ ᠣᠯᠠᠨ ᠨᠡᠷᠡᠶ᠋ᠢᠲᠦᠯ ᠲᠡᠢ ᠂ ᠬᠠᠮᠤᠭ ᠤ᠋ᠨ ᠣᠯᠠᠨ ᠦᠢᠯᠡᠳᠬᠦᠨ ᠲᠡᠢ ᠂ ᠲᠠᠩᠰᠤᠭ ᠢᠳᠡᠭᠡᠨ ᠪᠢᠯᠡ ᠃ ᠲᠡᠭᠦᠨ ᠦ᠌ ᠲᠡᠦᠬᠡ ᠭᠡᠪᠡᠯ ᠂ ᠠᠯᠤᠰ ᠤ᠋ᠨ ᠠᠯᠤᠰ ᠲᠤ᠌ ᠪᠤᠭᠤᠷᠤᠯ ᠪᠠᠶ᠋ᠢᠨᠠᠮ ᠃ ᠵᠥᠪᠬᠡᠨ 《 ᠠᠶ᠋ᠢᠷᠠᠭ 》 ᠭᠡᠰᠡᠨ ᠦᠭᠡ ᠶ᠋ᠢ ᠬᠡᠯᠡᠬᠦ ᠳ᠋ᠦ᠍ ᠾᠦᠩᠨᠦ ᠶ᠋ᠢᠨ ᠦᠭᠡ ᠭᠡᠳᠡᠭ ᠃ ᠢᠩᠭᠢᠬᠦ ᠪᠡᠷ ᠴᠠᠭᠠᠨ ᠢᠳᠡᠭᠡᠨ ᠦ᠌ ᠨᠡᠷᠡᠰ ᠲᠤᠩ ᠡᠷᠲᠡ ᠪᠠᠶ᠋ᠢᠬᠰᠠᠨ ᠪᠥᠭᠡᠳ ᠮᠣᠩᠭᠣᠯᠴᠤᠳ ᠤ᠋ᠨ ᠳᠡᠭᠡᠳᠦᠭᠦᠯᠨ ᠳ᠋ᠦ᠍ ᠬᠣᠯᠪᠣᠭᠳᠠᠵᠤ ᠢᠵᠠᠭᠤᠷ ᠡᠷᠲᠡᠨ ᠦ᠌ ᠰᠣᠶᠣᠯ ᠲᠡᠦᠬᠡ ᠭᠡᠳᠡᠭ ᠊ᠢ ᠲᠠᠨᠠᠷ ᠶᠠᠭᠤ ᠠᠨᠳᠠᠬᠤ ᠪᠢᠯᠡ ᠃ 
      ᠬ · ᠭᠣᠩᠭᠣᠷᠵᠠᠪ ᠭᠤᠸᠠᠢ ᠄ ᠮᠣᠩᠭᠣᠯᠴᠤᠳ ᠤ᠋ᠨ ᠮᠠᠯ ᠤ᠋ᠨ ᠰᠦ ᠪᠡᠷ ᠦᠢᠯᠡᠳᠦᠭᠰᠡᠨ ᠢᠳᠡᠭᠡᠨ ᠤᠮᠳᠠᠭᠠᠨ ᠤ᠋ ᠲᠥᠷᠥᠯ ᠵᠦᠢᠯ ᠊ᠢ 800 ᠭᠠᠷᠤᠢ ᠪᠣᠯᠪᠠᠰᠤᠷᠠᠭᠤᠯᠵᠠᠢ ᠭᠡᠵᠦ ᠪᠦᠷᠢᠳᠬᠡᠯ᠎ᠡ ᠭᠡᠳᠡᠭ ᠃ ᠡᠨᠳᠡ ᠵᠥᠪᠬᠡᠨ 《 ᠴᠠᠭᠠᠨ ᠢᠳᠡᠭᠡᠨ ᠦ᠌ ᠥᠯᠥᠭᠡᠢ 》 ᠬᠡᠮᠡᠭᠳᠡᠭᠰᠡᠨ ᠴᠠᠬᠠᠷ ᠢ᠋ᠶ᠋ᠠᠷ ᠨᠢᠷᠤᠭᠤᠪᠴᠢᠯᠠᠵᠤ ᠂ ᠴᠠᠭᠠᠨ ᠢᠳᠡᠭᠡᠨ ᠦ᠌ ᠵᠠᠷᠢᠮ ᠨᠡᠷᠡᠶ᠋ᠢᠲᠦᠯ ᠊ᠢ ᠰᠤᠷᠪᠤᠯᠵᠢᠯᠠᠨᠠᠮ ᠃   
     ᠰᠦ — ᠣᠳᠣ ᠦᠶ᠎ᠡ ᠶ᠋ᠢᠨ ᠮᠣᠩᠭᠣᠯ ᠬᠡᠯᠡᠨ ᠳ᠋ᠦ᠍ su ᠭᠡᠵᠦ ᠠᠮᠢᠲᠠᠨ ᠤ᠋ ᠬᠥᠬᠥ ᠡᠴᠡ ᠭᠠᠷᠳᠠᠭ ᠴᠠᠭᠠᠨ ᠰᠢᠭᠦᠰᠦ ᠶ᠋ᠢ ᠬᠡᠯᠡᠨ᠎ᠡ ᠃ ᠰᠦ ᠪᠣᠯ ᠠᠯᠢᠪᠠ ᠴᠠᠭᠠᠨ ᠢᠳᠡᠭᠡ ᠶ᠋ᠢ ᠪᠣᠯᠪᠠᠰᠤᠷᠠᠭᠤᠯᠬᠤ ᠠᠮᠢᠨ ᠡᠰ ᠪᠣᠯᠬᠤ — ᠮᠠᠯ ᠤ᠋ᠨ ᠰᠢᠮ᠎ᠡ ᠰᠦ ᠶᠤᠮ ᠃ ᠲᠣᠰᠣᠯᠢᠭ ᠂ ᠰᠢᠮ᠎ᠡ ᠲᠡᠵᠢᠭᠡᠯ ᠲᠡᠢ ᠤᠮᠳᠠ ᠪᠣᠯᠤᠨ᠎ᠠ ᠃           ᠤᠭᠤᠷᠠᠭ ᠭᠡᠳᠡᠭ ᠨᠢ ᠡᠬᠡ ᠠᠮᠢᠲᠠᠨ ᠤ᠋ ᠡᠬᠢᠨ ᠦ᠌ ᠰᠦ ᠪᠢᠯᠡ ᠃ 《 ᠲᠣᠯᠢ ᠪᠢᠴᠢᠭ 》 ᠦ᠋ᠳ ᠲᠦ᠍ ᠄ 《 ᠨᠢᠷᠠᠶ᠋ᠢᠯᠠᠭᠰᠠᠨ ᠬᠥᠮᠦᠨ ᠲᠥᠯᠯᠡᠭᠰᠡᠨ ᠠᠮᠢᠲᠠᠨ ᠤ᠋ ᠠᠩᠬᠠᠨ ᠤ᠋ ᠬᠡᠳᠦᠨ ᠡᠳᠦᠷ ᠲᠦ᠍ ᠬᠥᠬᠥᠨ ᠡᠴᠡ ᠭᠠᠷᠬᠤ ᠥᠳᠬᠡᠨ ᠰᠦ 》 ᠭᠡᠵᠦ ᠲᠡᠮᠳᠡᠭᠯᠡᠵᠦ ᠪᠠᠶ᠋ᠢᠲᠠᠭ ᠃ ᠤᠭᠤᠷᠠᠭ ᠰᠦ ᠶ᠋ᠢ ᠪᠠᠰᠠ 《 ᠯᠠᠭ ᠤᠭᠤᠷᠠᠭ 》 ᠂ 《 ᠬᠡᠯᠡᠭᠡᠢ ᠤᠭᠤᠷᠠᠭ 》 ᠭᠡᠵᠦ ᠂ ᠥᠩᠭᠡ ᠪᠡᠷ ᠨᠢ 《 ᠰᠢᠷ᠎ᠠ ᠤᠭᠤᠷᠠᠭ 》 ᠭᠡᠵᠦ ᠬᠡᠯᠡᠳᠡᠭ ᠃  
     ᠬᠥᠷᠥᠩᠭᠡ — ᠬᠥᠷᠥᠩᠭᠡ ᠪᠣᠯ ᠠᠮᠢᠨ ᠪᠦᠲᠦᠭᠡᠭᠳᠡᠭᠦᠨ ᠪᠤᠶᠤ ᠃ ᠠᠶ᠋ᠢᠷᠠᠭ ᠴᠡᠭᠡᠨ ᠦ᠌ ᠡᠬᠢ ᠡᠭᠦᠰᠪᠦᠷᠢ ᠪᠣᠯ ᠬᠥᠷᠥᠩᠭᠡ ᠮᠥᠨ ᠃ ᠬᠥᠷᠥᠩᠭᠡ ᠭᠡᠬᠦ ᠦᠭᠡᠨ ᠦ᠌ ᠤᠳᠬ᠎ᠠ ᠮᠣᠩᠭᠣᠯ ᠬᠡᠯᠡᠨ ᠳ᠋ᠦ᠍ ᠥᠷᠭᠡᠨ ᠠᠭᠤᠯᠬᠤᠨ ᠲᠠᠢ ᠪᠠᠶ᠋ᠢᠲᠠᠭ ᠃ ᠮᠣᠩᠭᠣᠯᠴᠤᠳ ᠨᠦᠮᠵᠦᠭ ᠦᠭᠡᠢ ᠠᠶ᠋ᠢᠯ ᠊ᠢ 《 ᠬᠥᠷᠥᠩᠭᠡ ᠪᠡᠨ ᠪᠠᠷᠠᠭᠰᠠᠨ ᠠᠶ᠋ᠢᠯ 》 ᠭᠡᠳᠡᠭ ᠃ ᠡᠭᠦᠨ ᠳ᠋ᠦ᠍ ᠡᠳ᠋ ᠶᠠᠭᠤᠮᠠᠨ ᠤ᠋ ᠣᠯᠠᠨ ᠤᠴᠢᠷ ᠬᠠᠳᠠᠭᠠᠯᠠᠭᠳᠠᠵᠤ ᠪᠣᠢ ᠃ ᠴᠠᠭᠠᠨ ᠢᠳᠡᠭᠡᠨ ᠳ᠋ᠦ᠍ ᠬᠣᠯᠪᠣᠭᠳᠠᠬᠤ ᠪᠠᠷ ᠢᠳᠡᠭᠡᠨ ᠵᠦᠢᠯ ᠊ᠢ ᠢᠰᠬᠡᠬᠦ — ᠲᠠᠷᠠᠭ ᠠᠶ᠋ᠢᠷᠠᠭ ᠤ᠋ᠨ ᠬᠥᠷᠥᠩᠭᠡ ᠭᠡᠵᠦ ᠲᠤᠰᠬᠠᠢ ᠲᠣᠭᠲᠠᠮᠠᠯ ᠨᠡᠷ᠎ᠡ ᠲᠡᠢ ᠪᠠᠶ᠋ᠢᠬ᠋᠎ᠠ ᠶᠤᠮ ᠃   
     ᠠᠶ᠋ᠢᠷᠠᠭ — ᠠᠶ᠋ᠢᠷᠠᠭ ᠭᠡᠳᠡᠭ ᠨᠢ 《 ᠰᠦ ᠶ᠋ᠢ ᠢᠰᠬᠡᠨ ᠬᠥᠷᠥᠨᠭᠭᠡᠰᠢᠭᠦᠯᠦᠭᠰᠡᠨ ᠤᠮᠳᠠ ᠂ ᠢᠰᠬᠦᠯᠡᠩ ᠠᠮᠲᠠ ᠲᠠᠢ ᠂ ᠲᠡᠵᠢᠭᠡᠯ ᠰᠠᠶ᠋ᠢᠲᠠᠢ 》 ᠭᠡᠵᠦ ᠲᠣᠯᠢ ᠪᠢᠴᠢᠭ ᠲᠦ᠍ ᠲᠡᠮᠳᠡᠭᠯᠡᠵᠦ ᠪᠠᠶ᠋ᠢᠨ᠎ᠠ ᠃ 《 ᠠᠶ᠋ᠢᠷᠠᠭ ᠪᠣᠯᠪᠠᠰᠤ ᠳᠡᠯᠡᠬᠡᠢ ᠶ᠋ᠢᠨ ᠲᠠᠩᠰᠤᠭ ᠤᠮᠳᠠᠭᠠᠨ 》 ᠭᠡᠰᠡᠨ ᠲᠡᠮᠳᠡᠭᠯᠡᠯ ᠴᠦ᠍ ᠪᠣᠢ ᠃ ᠰᠦ ᠪᠡᠨ ᠬᠥᠷᠥᠩᠭᠡ ᠲᠡᠢ ᠢᠰᠭᠡᠭᠰᠡᠨ ᠪᠠᠶ᠋ᠢᠪᠠᠯ ᠰᠠᠶᠢ ᠠᠷᠢᠬᠢ ᠨᠡᠷᠡᠵᠦ ᠪᠣᠯᠤᠨ᠎ᠠ ᠃   
    ᠠᠶ᠋ᠢᠷᠠᠭ ᠭᠡᠵᠦ ᠮᠣᠩᠭᠣᠯᠴᠤᠳ ᠤ᠋ᠨ ᠢᠵᠠᠭᠤᠷ ᠤᠮᠳᠠᠭ᠎ᠠ ᠶᠤᠮ ᠃ ᠮᠣᠩᠭᠣᠯᠴᠤᠳ ᠮᠠᠨ ᠤ᠋ ᠡᠷᠡᠨ ᠡᠴᠡ 200 —300 ᠵᠢᠯ ᠦ᠋ᠨ ᠡᠮᠦᠨ᠎ᠡ ᠡᠴᠡ ᠠᠶ᠋ᠢᠷᠠᠭ ( ᠴᠡᠬᠡ ) ᠨᠡᠷᠡᠲᠦ ᠠᠷᠢᠭᠤᠨ ᠴᠢᠨᠠᠷᠲᠤ ᠢᠰᠬᠦᠯᠡᠩ ᠤᠮᠳᠠᠭ᠎ᠠ ᠶ᠋ᠢ ᠬᠡᠷᠡᠭᠯᠡᠭᠰᠡᠭᠡᠷ ᠢᠷᠡᠪᠡ ᠭᠡᠬᠦ ᠲᠡᠦᠬᠡᠨ ᠲᠡᠮᠳᠡᠭᠯᠡᠯ ᠪᠣᠢ ᠃ ᠠᠶ᠋ᠢᠷᠠᠭ ᠪᠤᠶᠤ ᠴᠡᠭᠡ ᠶ᠋ᠢ ᠡᠷᠲᠡᠨ ᠳ᠋ᠡᠭᠡᠨ 《 ᠡᠰᠦᠭ 》 ᠭᠡᠵᠦ ᠪᠠᠶ᠋ᠢᠬᠰᠠᠨ ᠲᠡᠮᠳᠡᠭᠯᠡᠯ ᠵᠥᠩᠳᠡᠭᠡᠨ ᠪᠣᠢ ᠃ ᠢᠰᠬᠡᠬᠦ ᠶ᠋ᠢᠨ 《 ᠢᠰᠦᠭ 》 ᠪᠠᠶ᠋ᠢᠬᠤ ᠳ᠋ᠠᠭᠠᠨ ᠲᠠᠭᠠᠷᠠᠨ᠎ᠠ ᠃ ᠬᠠᠯᠬ᠎ᠠ ᠶ᠋ᠢᠨ ᠵᠠᠷᠢᠮ ᠨᠤᠲᠤᠭ ᠲᠤ᠌ 《 ᠬᠣᠭᠣᠷᠮᠠᠭ 》 ᠭᠡᠵᠦ ᠴᠦ᠍ ᠪᠣᠢ ᠃ ᠮᠣᠩᠭᠣᠯ ᠤᠯᠤᠰ ᠤ᠋ᠨ ᠡᠷᠳᠡᠮᠲᠡᠨ ᠢ‍ · ᠴᠠᠪᠠᠯ ᠢ᠋ᠶ᠋ᠠᠷ ᠠᠶ᠋ᠢᠷᠠᠭ ᠪᠤᠶᠤ ᠠᠶ᠋ᠢᠷᠠᠭ ᠢ᠋ᠶ᠋ᠠᠷ ᠬᠥᠷᠥᠩᠭᠡᠯᠡᠨ ᠦᠢᠯᠡᠳᠦᠭᠰᠡᠨ ᠴᠠᠭᠠᠨ ᠢᠳᠡᠭᠡᠨ ᠦ᠌ ᠵᠦᠢᠯᠡᠰ ᠊ᠢ150 ᠭᠠᠷᠤᠢ ᠨᠡᠷᠡᠶ᠋ᠢᠲᠦᠯ ᠲᠥᠷᠥᠯ ᠪᠦᠷᠢᠳᠬᠡᠭᠰᠡᠨ ᠡᠴᠡ ᠦᠵᠡᠬᠦ ᠳ᠋ᠦ᠍ ᠠᠶ᠋ᠢᠷᠠᠭ ᠪᠣᠯ ᠮᠣᠩᠭᠣᠯᠴᠤᠳ ᠤ᠋ᠨ ᠭᠠᠶ᠋ᠢᠬᠠᠮᠰᠢᠬᠲᠤ ᠪᠦᠲᠦᠭᠡᠭᠳᠡᠭᠦᠨ ᠪᠤᠶᠤ ᠃   
     ᠴᠡᠭᠡ — ᠴᠡᠭᠡ ᠶ᠋ᠢ ᠡᠷᠲᠡᠨ ᠦ᠌ ᠦᠶ᠎ᠡ ᠳ᠋ᠦ᠍ ᠡᠰᠦᠭ ᠪᠤᠶᠤ ᠢᠰᠦᠭ ᠂ ᠺᠦᠮᠢᠰ ᠭᠡᠵᠦ ᠨᠡᠷᠡᠢᠳᠳᠡᠭ᠃ ᠴᠡᠬᠡ ᠪᠣᠯᠪᠠᠰᠤ ᠴᠡᠭᠡᠨ ᠥᠩᠭᠡ ᠲᠡᠢ ᠂ ᠳᠠᠷᠤᠢ ᠬᠥᠬᠡᠪᠲᠦᠷ ᠴᠠᠭᠠᠨ ᠪᠤᠶᠤ ᠃ ᠲᠤᠰ ᠨᠡᠷ᠎ᠡ ᠦᠢᠯᠡᠳᠬᠦᠨ ᠦ᠌ ᠪᠡᠨ ᠥᠩᠭᠡ ᠵᠢᠰᠦᠮ ᠡᠴᠡ ᠢᠷᠡᠯ ᠲᠡᠢ ᠪᠣᠯᠪᠠᠰᠤ ᠃ ᠴᠡᠭᠡ ᠶ᠋ᠢ ᠬᠠᠯᠬᠠᠴᠤᠳ ᠄ ᠠᠶ᠋ᠢᠷᠠᠭ ᠭᠡᠳᠡᠭ ᠭᠡᠨ᠎ᠡ ᠃ 
     ᠭᠡᠭᠦᠦ ᠶ᠋ᠢᠨ ᠰᠦ ᠶ᠋ᠢ ᠢᠰᠬᠡᠨ ᠬᠢᠭᠰᠡᠨ ᠤᠮᠳᠠᠭᠠᠨ ᠊ᠢ 《 ᠴᠡᠬᠡ 》 ᠭᠡᠵᠦ ᠬᠡᠯᠡᠳᠡᠭ ᠃ ᠴᠡᠭᠡᠨ ᠳ᠋ᠦ᠍ ᠄ ᠤᠭᠤᠷᠠᠭ ᠂ ᠲᠣᠰᠣ ᠂ ᠰᠢᠬᠢᠷ ᠂ ᠮᠸᠨ᠍ᠸᠷᠡᠯ ᠪᠣᠳᠠᠰ ᠂ ᠸᠢᠲ᠋ᠠᠮᠢᠨ ᠠᠭᠤᠯᠤᠭᠳᠠᠵᠤ ᠂ ᠰᠢᠮ᠎ᠡ ᠲᠡᠵᠢᠭᠡᠯ ᠂ ᠡᠮ ᠲᠣᠮ ᠪᠣᠯᠳᠠᠭ ᠃ 
     ᠴᠠᠭ᠎ᠠ — ᠴᠠᠭ᠎ᠠ ᠭᠡᠵᠦ ᠠᠶ᠋ᠢᠷᠠᠭ ᠢ᠋ᠶ᠋ᠠᠨ ᠨᠡᠷᠡᠵᠦ ᠠᠷᠢᠬᠢ ᠭᠠᠷᠭᠠᠭᠰᠠᠨ ᠤ᠋ ᠳᠠᠷᠠᠭᠠᠬᠢ ᠰᠢᠩᠭᠡᠨ ᠊ᠢ ᠬᠡᠯᠡᠨ᠎ᠡ ᠃ ᠴᠠᠭ᠎ᠠ ᠪᠣᠯᠪᠠᠰᠤ ᠴᠠᠭᠠᠨ ᠭᠡᠬᠦ ᠦᠭᠡ ᠲᠡᠢ ᠢᠵᠠᠭᠤᠷ ᠨᠢᠭᠡᠲᠡᠢ ᠃ ᠬᠦᠴᠢᠯᠢᠭ ᠠᠮᠲᠠᠲᠠᠢ ᠂ ᠬᠣᠣᠷ ᠲᠠᠶ᠋ᠢᠯᠬᠤ ; ᠢᠯᠴᠢ ᠵᠣᠬᠢᠴᠠᠭᠤᠯᠬᠤ ᠤᠮᠳᠠᠭᠠᠨ ᠪᠤᠶᠤ ᠃ ᠴᠠᠭ᠎ᠠ ᠪᠠᠷ ᠪᠠᠰᠠ ᠠᠷᠠᠰᠤ ᠢᠳᠡᠭᠡᠯᠡᠳᠡᠭ ᠪᠠᠶ᠋ᠢᠨ᠎ᠠ ᠃    
     ᠴᠥᠴᠥᠭᠡᠢ — ᠴᠥᠴᠥᠭᠡᠢ ᠭᠡᠵᠦ ᠵᠥᠭᠡᠬᠡᠢ ᠪᠡᠨ ᠡᠷᠴᠢᠭᠡᠨ ᠬᠠᠶ᠋ᠢᠯᠤᠭᠤᠯᠤᠨ ᠰᠢᠷ᠎ᠠ ᠲᠣᠰᠣ ᠠᠪᠤᠭᠰᠠᠨ ᠤ᠋ ᠬᠣᠶ᠋ᠢᠨ᠎ᠠ ᠦᠯᠡᠳᠡᠭᠰᠡᠨ ᠰᠢᠭᠠᠷᠤ ᠶ᠋ᠢ ᠬᠡᠯᠡᠳᠡᠭ ᠃ ᠰᠢᠷᠭᠠᠯ ᠥᠩᠭᠡᠲᠡᠢ ᠃ ᠮᠣᠩᠭᠣᠯ ᠬᠡᠯᠡᠨ ᠳ᠋ᠦ᠍ ᠴᠥᠴᠥ᠋ ᠢᠵᠠᠭᠤᠷ ᠤ᠋ᠨ ᠤᠳᠬ᠎ᠠ ᠲᠣᠳᠣ ᠦᠭᠡᠢ ᠃   
     ᠡᠭᠡᠳᠡᠮ — ᠡᠭᠡᠳᠡᠮ ᠊ᠢ ᠶᠡᠷᠦᠩᠬᠡᠢ ᠳ᠋ᠡᠭᠡᠨ ᠡᠭᠡᠳᠡᠭᠰᠡᠨ ᠰᠦ ᠭᠡᠳᠡᠭ ᠃ 《 ᠡᠭᠡᠳᠡᠩ ᠰᠦ 》 ᠭᠡᠵᠦ ᠴᠦ᠍ ᠬᠡᠯᠡᠳᠡᠭ ᠃ ᠡᠭᠡᠳᠡᠮ ᠪᠣᠯ ᠪᠦᠬᠦᠶ᠋ᠢᠯᠡ ᠬᠤᠷᠤᠳ ᠪᠣᠯᠪᠠᠰᠤᠷᠠᠭᠤᠯᠬᠤ ᠶ᠋ᠢᠨ ᠡᠬᠢ ᠰᠦ ᠮᠥᠨ ᠃ 
     ᠡᠭᠡᠵᠡᠭᠡᠢ — ᠡᠭᠡᠵᠡᠭᠡᠢ ᠭᠡᠳᠡᠭ ᠨᠢ ᠰᠢᠷ᠎ᠠ ᠰᠢᠭᠦᠰᠦ ᠪᠡᠨ ᠲᠣᠭᠣᠭᠠᠨ ᠳ᠋ᠤ᠌ ᠬᠢᠵᠦ ᠵᠥᠭᠡᠯᠡᠨ ᠭᠠᠯ ᠢ᠋ᠶ᠋ᠠᠷ ᠬᠠᠯᠠᠭᠤᠯᠤᠨ ᠬᠥᠰᠢᠭᠦᠯᠵᠦ ᠂ ᠳᠠᠬᠢᠨ ᠪᠥᠰ ᠬᠡᠦᠳᠡᠢ ᠳ᠋ᠦ᠍ ᠬᠢᠵᠦ ᠂ ᠴᠢᠯᠠᠭᠤ ᠪᠠᠷ ᠳᠠᠷᠤᠵᠤ ᠡᠭᠰᠢᠭᠦᠯᠵᠦ ᠠᠪᠤᠭᠰᠠᠨ ᠪᠠᠵᠢᠮᠠᠭ ᠊ᠢ ᠬᠡᠯᠡᠳᠡᠭ ᠃ ᠡᠭᠦᠨ ᠊ᠢ ᠡᠭᠡᠳᠡᠮᠡᠭ ᠂ ᠡᠭᠡᠷ᠎ᠡ ᠭᠡᠵᠦ ᠴᠦ᠍ ᠬᠡᠯᠡᠳᠡᠭ ᠃
     ᠡᠭᠡᠷᠡᠮᠡᠭ — ᠰᠦᠢᠷᠡᠮᠡᠭ ᠭᠡᠬᠦ ᠤᠳᠬ᠎ᠠ ᠲᠠᠢ ᠂ ᠶᠠᠮᠠᠷ ᠴᠤ᠌ ᠬᠦᠴᠢᠯᠢᠭ ᠪᠤᠶᠤ ᠨᠢᠰᠢᠭᠤᠨ ᠠᠮᠲᠠ ᠦᠭᠡᠢ ᠃ 
     ᠱᠦᠭᠦᠮᠡᠭ — ᠱᠦᠭᠦᠮᠡᠭ ᠨᠢ ᠴᠤᠷᠠ ᠲᠠᠢ ᠣᠢᠷᠠᠯᠴᠠᠭ᠎ᠠ ᠂ ᠣᠨᠳᠣᠣ ᠨᠢ ᠭᠡᠪᠡᠯ ᠂ ᠡᠭᠡᠳᠡᠭᠰᠡᠨ ᠰᠦ ᠪᠡᠨ ᠵᠥᠭᠡᠯᠡᠨ ᠭᠠᠯ ᠢ᠋ᠶ᠋ᠠᠷ ᠬᠠᠯᠠᠭᠠᠵᠤ ᠂ ᠰᠢᠷ᠎ᠠ ᠰᠢᠭᠦᠰᠦ ᠢᠯᠭᠠᠷᠠᠬᠤ ᠦᠶᠡᠰ ᠰᠢᠭᠦᠰᠦ ᠶ᠋ᠢ ᠨᠢ ᠱᠦᠭᠦᠵᠦ ᠠᠪᠤᠭᠠᠳ ᠵᠤᠤᠯᠢ ( ᠪᠤᠶᠤ ᠰᠡᠶ᠋ᠢᠮᠡᠬᠡᠢ ᠪᠥᠰ ᠢ᠋ᠶ᠋ᠡᠷ ᠣᠷᠢᠶᠠᠵᠤ ) ᠳ᠋ᠤ᠌ ᠬᠠᠲᠠᠭᠠᠭᠰᠠᠨ ᠬᠤᠷᠤᠳ ᠊ᠢ ᠬᠡᠯᠡᠳᠡᠭ ᠃ ᠶᠠᠮᠠᠷᠴᠤ ᠨᠤᠬᠤᠯᠠᠭ᠎ᠠ ᠬᠡᠷᠡᠭᠯᠡᠭᠰᠡᠨ ᠦᠭᠡᠢ ᠡᠭᠡᠳᠡᠮ ᠰᠢᠭᠦᠮᠡᠭ ᠪᠣᠯᠤᠨ᠎ᠠ ᠃   
     ᠴᠤᠷᠠ — ᠴᠤᠷᠠ ᠪᠣᠯ ᠵᠥᠪᠬᠡᠨ ᠴᠠᠬᠠᠷ ᠨᠤᠲᠤᠭ ᠢ᠋ᠶ᠋ᠠᠷ ᠯᠠ ᠪᠠᠶ᠋ᠢᠲᠠᠭ ᠴᠠᠭᠠᠨ ᠢᠳᠡᠭᠡ ᠪᠣᠯᠤᠨ᠎ᠠ ᠃ ᠳᠠᠷᠤᠢ ᠱᠦᠭᠦᠮᠡᠭ ᠢ᠋ᠶ᠋ᠡᠨ ᠰᠠᠶ᠋ᠢᠷᠠᠭᠤᠯᠵᠤ ᠬᠠᠲᠠᠭᠠᠭᠰᠠᠨ ᠣᠨᠴᠠ ᠢᠳᠡᠭᠡ ᠃ ᠴᠤᠷᠠ ᠪᠣᠯ ᠶᠣᠰᠣᠲᠠᠢ ᠴᠠᠭᠠᠨ ᠢᠳᠡᠭᠡᠨ ᠦ᠌ ᠢᠵᠠᠭᠤᠷ ᠪᠣᠯᠪᠠᠰᠤᠷᠠᠭᠤᠯᠤᠯᠲᠠ ᠶᠤᠮ ᠃ ᠴᠤᠷᠠ ᠭᠡᠭᠴᠢ ᠡᠷᠲᠡᠨ ᠦ᠌ ᠬᠡᠮᠬᠡᠭ ᠂ ᠰᠦᠢᠷᠡᠮᠡᠭ ᠭᠡᠬᠦ ᠤᠳᠬ᠎ᠠ ᠲᠠᠢ ᠮᠣᠩᠭᠣᠯ ᠦᠭᠡ ᠶᠦ᠍ᠮ ᠃ ᠶᠠᠮᠠᠷᠴᠤ ᠬᠣᠯᠢᠮᠠᠭ ᠦᠭᠡᠢ ᠂ ᠠᠮᠲᠠᠯᠢᠭ ᠬᠠᠲᠠᠭᠠᠮᠠᠭ ᠪᠣᠯᠤᠨ᠎ᠠ ᠃   
     ᠲᠦᠳ᠋ — ᠲᠦᠳ᠋ ᠊ᠢ ᠲᠥᠪᠡᠳ ᠪᠤᠶᠤ ᠮᠠᠨᠵᠤ ᠦᠭᠡ ᠡᠴᠡ ᠢᠷᠡᠯᠲᠡᠢ ᠭᠡᠵᠦ ᠬᠡᠯᠡᠭᠰᠡᠳ ᠪᠣᠢ ᠃ ᠲᠦᠳ᠋ ᠪᠣᠯᠪᠠᠰᠤ ᠮᠣᠩᠭᠣᠯᠴᠤᠳ ᠤ᠋ᠨ ᠡᠷᠲᠡᠨ ᠦ᠌ ᠢᠳᠡᠭᠡ ᠶᠦ᠍ᠮ ᠃ ᠲᠦᠳ᠋ ᠊ᠢ ᠬᠡᠳᠦ ᠬᠡᠳᠦᠨ ᠵᠦᠢᠯ ᠢ᠋ᠶ᠋ᠡᠷ ᠪᠣᠯᠪᠠᠰᠤᠷᠠᠭᠤᠯᠵᠤ ᠬᠢᠳᠡᠭ ᠃ ᠭᠣᠣᠯ ᠨᠢ ᠰᠢᠷ᠎ᠠ ᠲᠣᠰᠣ ᠂ ᠴᠥᠴᠥᠭᠡᠢ ᠂ ᠭᠤᠯᠢᠷ ᠂ ᠡᠯᠡᠰᠦᠨ ᠰᠢᠬᠢᠷ ᠂ ᠬᠠᠭᠤᠷᠤᠭᠰᠠᠨ ᠪᠤᠳᠠᠭ᠎ᠠ ᠂ ᠦᠵᠦᠮ ᠊ᠢ ᠬᠡᠷᠡᠭᠯᠡᠳᠡᠭ ᠪᠥᠭᠡᠳ ᠠᠳᠠᠯᠢ ᠪᠤᠰᠤ ᠵᠢᠷᠤᠭ ᠳᠦᠷᠰᠦ ᠲᠡᠢ ᠬᠤᠷᠤᠭᠤᠪᠴᠢᠨ ᠬᠡᠪ ᠢ᠋ᠶ᠋ᠡᠷ ᠨᠠᠷᠢᠯᠢᠭ ᠬᠢᠳᠡᠭ ᠃ ᠲᠦᠳ᠋ ᠭᠡᠳᠡᠭ ᠲᠥᠭᠥᠷᠢᠭ ᠂ ᠬᠤᠨᠳᠠᠭᠠᠨ ᠠᠮᠠᠰᠠᠷ ᠬᠢᠷᠢᠲᠡᠢ ᠭᠡᠮ ᠨᠢᠭᠡᠴᠡ ᠭᠡᠬᠦ ᠤᠳᠬ᠎ᠠ ᠲᠠᠢ ᠦᠭᠡ ᠪᠣᠯᠪᠠᠤ ᠃ 
     ᠵᠥᠭᠡᠬᠡᠢ — ᠵᠥᠭᠡᠬᠡᠢ ᠭᠡᠵᠦ ᠡᠭᠡᠳᠡᠭᠰᠡᠨ ᠰᠦᠨ ᠦ᠌ ᠳᠡᠭᠡᠷ᠎ᠡ ᠰᠠᠭᠤᠭᠰᠠᠨ ᠲᠣᠰᠣᠯᠢᠭ ᠳᠠᠪᠬᠤᠷᠭ᠎ᠠ ᠶ᠋ᠢ ᠬᠡᠯᠡᠳᠡᠭ ᠃ ᠵᠥᠭᠡᠬᠡᠢ ᠨᠢ ᠵᠥᠭᠡᠯᠡᠨ ᠭᠡᠬᠦ ᠦᠭᠡᠨ ᠦ᠌ 《 ᠵᠥᠭᠡ‍ 》 ᠲᠡᠢ ᠢᠵᠠᠭᠤᠷ ᠨᠢᠭᠡᠲᠡᠢ ᠃ ᠳᠠᠷᠤᠢ ᠰᠢᠷ᠎ᠠ ᠲᠣᠰᠣᠨ ᠤ᠋ ᠡᠬᠢ ᠂ ᠰᠦᠨ ᠦ᠌ ᠣᠬᠢ ᠪᠣᠯᠤᠨ᠎ᠠ ᠃ 
     ᠰᠢᠩᠭᠡ — ᠵᠥᠭᠡᠬᠡᠢ ᠶ᠋ᠢᠨ ᠳᠣᠣᠷ᠎ᠠ ᠰᠠᠭᠤᠭᠰᠠᠨ ᠬᠤᠷᠤᠭᠤ ᠵᠤᠵᠠᠭᠠᠨ ᠰᠢᠩᠭᠡᠨ ᠊ᠢ ᠰᠢᠩᠭᠡ ᠭᠡᠨ᠎ᠡ ᠃ ᠡᠨᠡ ᠨᠢ ᠥᠳᠬᠡᠨ ᠰᠢᠩᠭᠡᠨ ᠦ᠌ ᠰᠢᠩᠭᠡᠨ ᠲᠡᠢ ᠢᠵᠠᠭᠤᠷ ᠨᠢᠭᠡᠲᠡᠢ ᠦᠭᠡ ᠃ ᠵᠥᠭᠡᠬᠡᠢ ᠪᠣᠯᠤᠨ ᠡᠭᠡᠳᠡᠩ ᠰᠦ ᠶ᠋ᠢᠨ ᠬᠣᠯᠢᠮᠠᠭ — ᠰᠢᠩᠭᠡᠨ ᠪᠣᠯᠤᠨ᠎ᠠ ᠃  
     ᠰᠢᠷ᠎ᠠ ᠲᠣᠰᠣ — ᠰᠢᠷ᠎ᠠ ᠲᠣᠰᠣ ᠪᠣᠯᠪᠠᠰᠤ ᠵᠥᠭᠡᠬᠡᠢ ᠪᠡᠨ ᠡᠷᠴᠢᠭᠡᠵᠦ ᠂ ᠳᠠᠬᠢᠨ ᠴᠠᠭᠠᠨ ᠲᠣᠰᠣ ᠪᠣᠯᠭᠠᠵᠤ ᠂ ᠴᠠᠭᠠᠨ ᠲᠣᠰᠣ ᠪᠠᠨ ᠬᠠᠶ᠋ᠢᠯᠤᠭᠤᠯᠤᠨ ᠪᠤᠴᠠᠯᠭᠠᠵᠤ ᠭᠠᠷᠭᠠᠭᠰᠠᠨ ᠨᠤᠯᠤ ᠰᠢᠷ᠎ᠠ ᠥᠩᠭᠡᠲᠡᠢ ᠲᠣᠪ ᠲᠤᠩᠭᠠᠯᠠᠭ ᠰᠢᠩᠭᠡᠨ ᠊ᠢ ᠰᠢᠷ᠎ᠠ ᠲᠣᠰᠣ ᠭᠡᠨ᠎ᠡ ᠃ ᠰᠢᠷ᠎ᠠ ᠲᠣᠰᠣ ᠨᠢ ᠠᠶᠠᠨᠳᠠᠭᠠᠨ ᠴᠠᠷᠴᠠᠳᠠᠭ ᠂ ᠴᠠᠭᠠᠨ ᠢᠳᠡᠭᠡᠨ ᠦ᠌ ᠳᠣᠲᠣᠷᠠᠬᠢ ᠬᠠᠮᠤᠭ ᠤ᠋ᠨ ᠰᠢᠮᠡᠲᠡᠢ ᠂ ᠰᠦᠨ ᠦ᠌ ᠬᠠᠮᠤᠭ ᠤ᠋ᠨ ᠳᠡᠭᠡᠵᠢ ᠂ ᠬᠦᠨᠳᠦᠳᠬᠡᠯ ᠢᠳᠡᠭᠡ ᠶᠦ᠍ᠮ ᠃   
     ᠨᠤᠭᠤᠯᠤᠭᠤᠷ — ᠰᠦ ᠡᠭᠡᠳᠡᠬᠦ ᠡᠴᠡ ᠡᠮᠦᠨᠡᠬᠢ ᠰᠦᠨ ᠦ᠌ ᠭᠠᠳᠠᠷᠭᠤ ᠳᠡᠭᠡᠭᠦᠷ ᠰᠠᠭᠤᠭᠰᠠᠨ ᠰᠠᠪᠬᠠᠨ ᠤ᠋ ᠬᠢᠷᠢ ᠵᠤᠵᠠᠭᠠᠨ ᠵᠥᠭᠡᠶ᠋ᠢᠰᠢᠵᠦ ᠰᠠᠭᠤᠭᠰᠠᠨ ᠲᠣᠰᠣᠯᠢᠭ ᠳᠠᠪᠬᠤᠷᠭ᠎ᠠ ᠶ᠋ᠢ ᠨᠤᠭᠤᠯᠤᠭᠤᠷ ᠭᠡᠨ᠎ᠡ ᠃ ᠭᠣᠣᠯ ᠨᠢ ᠴᠠᠢ ᠨᠡᠶ᠋ᠢᠯᠡᠭᠦᠯᠵᠦ ᠤᠤᠭᠤᠳᠠᠭ ᠃ ᠶᠤᠤᠮᠠᠢ ᠶ᠋ᠢᠨ ᠭᠤᠯᠢᠷ ᠵᠢᠭᠤᠷᠴᠤ ᠢᠳᠡᠬᠦ ᠳ᠋ᠦ᠍ ᠭᠣᠶᠣ ᠪᠠᠶ᠋ᠢᠲᠠᠭ ᠃  
     ᠥᠷᠥᠮ᠎ᠡ — ᠥᠷᠥᠮ᠎ᠡ ᠭᠡᠭᠴᠢ ᠬᠥᠭᠡᠷᠦᠭᠦᠯᠵᠦ ᠠᠪᠤᠭᠰᠠᠨ ᠴᠠᠭᠠᠨ ᠢᠳᠡᠭᠡ ᠶ᠋ᠢ ᠬᠡᠯᠡᠨ᠎ᠡ ᠃ ᠰᠦ ᠪᠡᠨ ᠲᠣᠭᠣᠭᠠᠨ ᠳ᠋ᠤ᠌ ᠬᠢᠵᠦ ᠂ ᠵᠥᠭᠡᠯᠡᠨ ᠭᠠᠯ ᠢ᠋ᠶ᠋ᠠᠷ ᠰᠦ ᠣᠷᠬᠢᠭᠰᠠᠨ ᠤ᠋ ᠳᠠᠷᠠᠭ᠎ᠠ ᠬᠡᠳᠦᠨᠲᠡ ᠰᠠᠮᠤᠷᠬᠤ ᠳ᠋ᠤ᠌ ᠰᠦ ᠬᠥᠭᠡᠰᠦᠷᠡᠵᠦ ᠂ ᠬᠥᠷᠥᠰᠥᠯᠢᠭ ᠲᠣᠰᠣᠯᠢᠭ ᠳᠠᠪᠬᠤᠷᠭ᠎ᠠ ᠴᠣᠬᠣᠷᠯᠠᠨ ᠲᠣᠭᠲᠠᠨ᠎ᠠ ᠃ ᠡᠭᠦᠨ ᠊ᠢ ᠥᠷᠥᠮ᠎ᠡ ᠭᠡᠳᠡᠭ ᠃ ᠲᠡᠭᠡᠭᠡᠳ ᠠᠭᠢᠨ ᠳᠠᠬᠢᠨ ᠲᠦᠭᠦᠬᠡᠢ ᠰᠦ ᠨᠡᠮᠡᠵᠦ ᠥᠷᠥᠮ᠎ᠡ ᠪᠡᠨ ᠵᠤᠵᠠᠭᠠᠨ ᠰᠠᠭᠤᠯᠭᠠᠨ᠎ᠠ ᠃ 
     ᠲᠠᠷᠠᠭ — ᠲᠠᠷᠠᠭ ᠬᠢᠬᠦ ᠳ᠋ᠦ᠍ ᠥᠪᠡᠷ ᠦ᠋ᠨ ᠬᠥᠷᠥᠩᠭᠡ ᠲᠡᠢ ᠂ ᠰᠦ ᠪᠡᠨ ᠬᠥᠷᠥᠩᠭᠡ ᠪᠡᠷ ᠢᠰᠬᠡᠬᠦ ᠳ᠋ᠡᠭᠡᠨ ᠪᠦᠲᠡᠭᠦᠯᠦᠨ ᠪᠦᠷᠢᠵᠦ ᠲᠠᠯᠪᠢᠨ᠎ᠠ ᠃ ᠢᠰᠬᠦᠯᠡᠩ ᠮᠥᠷᠲᠡᠭᠡᠨ ᠬᠦᠴᠢᠯᠢᠭ ᠠᠮᠲᠠᠲᠠᠢ ᠃ ᠡᠭᠡᠳᠡᠭᠰᠡᠨ ᠰᠦ ᠶ᠋ᠢ ᠪᠣᠳᠣᠪᠠᠯ ᠥᠳᠬᠡᠨ ᠲᠤᠯᠠ ᠡᠯᠢᠭᠡᠨ ᠲᠠᠷᠠᠭ ᠭᠡᠳᠡᠭ ᠃ ᠨᠠᠮᠤᠷ ᠪᠦᠷᠢᠭᠡᠳ ᠡᠪᠦᠯ ᠵᠦᠭ ᠲᠡᠭᠡᠨ ᠤᠤᠭᠤᠬᠤ ᠶ᠋ᠢ ᠬᠣᠭᠣᠷᠮᠠᠭ ᠭᠡᠳᠡᠭ ᠃ ᠴᠠᠢ ᠂ ᠬᠣᠭᠣᠯᠠᠨ ᠤ᠋ ᠬᠣᠭᠣᠷᠣᠨᠳᠣ ᠤᠤᠭᠤᠳᠠᠭ ᠲᠤᠯᠠ ᠡᠶ᠋ᠢᠨ ‍ᠬᠦ ᠨᠡᠷᠡᠰᠢᠭᠦᠯᠦᠭᠰᠡᠨ ᠪᠣᠯᠪᠠᠤ ᠃ ᠪᠤᠴᠠᠯᠤᠭᠰᠠᠨ ᠤᠰᠤᠨ ᠳ᠋ᠤ᠌ ᠰᠦ ᠰᠠᠮᠤᠷᠤᠭᠠᠳ ᠤᠤᠭᠤᠬᠤ ᠶ᠋ᠢ ᠬᠢᠷᠠᠮ᠎ᠠ ᠭᠡᠨ᠎ᠡ ᠃ ᠬᠦᠢᠲᠡᠨ ᠤᠰᠤᠨ ᠳ᠋ᠤ᠌ ᠰᠦ ᠬᠣᠯᠢᠭᠰᠠᠨ ᠊ᠢ ᠴᠡᠶ᠋ᠢᠲᠡᠮ ᠭᠡᠳᠡᠭ ᠃ ᠡᠨᠡ ᠨᠢ ᠪᠦᠷ ᠴᠠᠢ ᠶ᠋ᠢᠨ ᠣᠷᠣᠨ ᠳ᠋ᠤ᠌ ᠤᠤᠭᠤᠳᠠᠭ ᠤᠮᠳᠠ ᠪᠣᠯᠤᠨ᠎ᠠ ᠃ ᠮᠣᠩᠭᠣᠯ ᠳ᠋ᠤ᠌ ᠲᠠᠷᠠᠭ ᠊ᠢ ᠠᠶ᠋ᠢᠷᠠᠭ ᠭᠡᠨ᠎ᠡ ᠃ ᠣᠶ᠋ᠢᠷᠠᠳ ᠲᠤ᠌ ᠄ 《 ᠲᠠᠷᠠᠭ ᠠ᠋ᠴᠠ ᠠᠶ᠋ᠢᠷᠠᠭ ᠭᠠᠷᠤᠨ᠎ᠠ 》 ᠭᠡᠳᠡᠭ ᠃  
     ᠠᠭᠠᠷᠴᠠ — ᠠᠶ᠋ᠢᠷᠠᠭ ᠢ᠋ᠶ᠋ᠠᠨ ᠨᠡᠷᠡᠵᠦ ᠠᠪᠤᠭᠰᠠᠨ ᠤ᠋ ᠳᠠᠷᠠᠭ᠎ᠠ ᠬᠡᠦᠳᠡᠢ ᠳ᠋ᠦ᠍ ᠬᠢᠵᠦ ᠂ ᠱᠦᠭᠦᠵᠦ ᠦᠯᠡᠲᠡᠬ᠋ᠰᠡᠨ ᠊ᠢ ᠴᠠᠭ᠎ᠠ ᠭᠡᠨ᠎ᠡ ᠃ ᠴᠠᠭ᠎ᠠ ᠪᠠᠨ ᠬᠡᠦᠳᠡᠢ ᠳ᠋ᠦ᠍ ᠬᠢᠵᠦ ᠱᠦᠭᠦᠭᠡᠳ ᠠᠭᠰᠢᠭᠤᠨ ᠪᠣᠯᠤᠭᠰᠠᠨ ᠊ᠢ ᠠᠭᠠᠷᠴᠠ ᠭᠡᠨ᠎ᠡ ᠃ ᠲᠡᠭᠦᠨ ᠊ᠢ ᠬᠠᠲᠠᠭᠠᠪᠠᠯ ᠠᠭᠠᠷᠤᠤᠯ ᠪᠤᠶᠤ ᠠᠭᠠᠷᠴᠠᠭ ᠬᠤᠷᠤᠳ ᠭᠡᠳᠡᠭ ᠃   
     ᠪᠢᠰᠢᠯᠠᠭ — ᠪᠢᠰᠢᠯᠠᠭ ᠭᠡᠳᠡᠭ ᠨᠢ ᠪᠣᠯᠤᠭᠰᠠᠨ ᠪᠤᠶᠤ ᠲᠦᠭᠦᠬᠡᠢ ᠰᠦ ᠪᠡᠨ ᠢᠰᠴᠦ ᠡᠭᠡᠳᠡᠭᠰᠡᠨ ᠬᠣᠶ᠋ᠢᠨ᠎ᠠ ᠲᠣᠭᠣᠭᠠᠨ ᠳ᠋ᠤ᠌ ᠬᠢᠵᠦ ᠬᠠᠯᠠᠭᠤᠳᠬᠠᠨ ᠰᠢᠷ᠎ᠠ ᠤᠰᠤ ᠶ᠋ᠢ ᠢᠯᠭᠠᠷᠠᠭᠤᠯᠤᠨ ᠂ ᠪᠥᠰ ᠢ᠋ᠶ᠋ᠡᠷ ᠳᠥᠷᠪᠡᠯᠵᠢᠯᠡᠨ ᠪᠣᠭᠣᠵᠤ ᠬᠦᠨᠳᠦ ᠴᠢᠯᠠᠭᠤ ᠪᠠᠷ ᠳᠠᠷᠤᠵᠤ ᠰᠢᠭᠦᠰᠦ ᠶ᠋ᠢ ᠨᠢ ᠭᠦᠢᠴᠡᠳ ᠰᠢᠬᠠᠵᠤ ᠭᠠᠷᠭᠠᠭᠠᠳ ᠬᠡᠪᠰᠢᠭᠦᠯᠦᠨ ᠠᠪᠤᠭᠰᠠᠨ ᠊ᠢ ᠬᠡᠯᠡᠨ᠎ᠡ ᠃  
     ᠬᠤᠷᠤᠳ — ᠡᠭᠡᠳᠡᠭᠰᠡᠨ ᠰᠦ ᠪᠡᠨ ᠲᠣᠭᠣᠭᠠᠨ ᠳ᠋ᠤ᠌ ᠬᠠᠯᠠᠭᠤᠯᠤᠨ ᠰᠢᠷ᠎ᠠ ᠤᠰᠤ ᠶ᠋ᠢ ᠨᠢ ᠰᠢᠬᠠᠵᠤ ᠠᠪᠤᠭᠠᠳ ᠂ ᠰᠠᠶᠢᠨ ᠨᠤᠬᠤᠯᠠᠵᠤ ᠬᠡᠪ ᠲᠦ᠍ ᠬᠢᠵᠦ ᠡᠪᠡᠷᠡᠭᠡᠨ ᠬᠠᠲᠠᠭᠠᠭᠰᠠᠨ ᠊ᠢ ᠬᠤᠷᠤᠳ ᠭᠡᠨ᠎ᠡ ᠃ ᠵᠠᠷᠢᠮ ᠣᠷᠣᠨ ᠳ᠋ᠤ᠌ ᠠᠭᠠᠷᠴᠠ ᠶ᠋ᠢ ᠵᠦᠰᠦᠨ ᠬᠠᠲᠠᠭᠠᠭᠠᠳ ᠬᠤᠷᠤᠳ ᠭᠡᠳᠡᠭ ᠃ 
     ᠬᠤᠷᠤᠳ ᠭᠡᠳᠡᠭ ᠨᠢ ᠶᠡᠷᠦᠩᠬᠡᠢ ᠨᠡᠷᠡᠶ᠋ᠢᠲᠦᠯ ᠶᠦ᠍ᠮ ᠃ ᠬᠤᠷᠤᠳ ᠊ᠢ ᠳᠣᠲᠣᠷ᠎ᠠ ᠨᠢ ᠬᠡᠪ ᠢ᠋ᠶ᠋ᠡᠷ ᠬᠢᠭᠰᠡᠨ ᠊ᠢ ᠨᠢ 《 ᠬᠡᠪ ᠦ᠋ᠨ ᠬᠤᠷᠤᠳ 》 ᠂ ᠨᠤᠬᠤᠵᠤ ᠨᠤᠬᠤᠭᠠᠳ ᠬᠢᠭᠰᠡᠨ ᠊ᠢ ᠨᠢ 《 ᠨᠤᠬᠤᠮᠠᠯ 》 ᠂ 《 ᠨᠤᠬᠤᠯᠠᠮ 》 ᠭᠡᠬᠦ ᠂ 《 ᠤᠨᠵᠢᠯᠲᠠᠭᠤᠷ ᠬᠤᠷᠤᠳ 》 ᠂ 《 ᠪᠠᠵᠠᠮᠠᠭ ᠬᠤᠷᠤᠳ 》 ᠂ 《 ᠬᠡᠷᠴᠢᠮᠡᠯ ᠬᠤᠷᠤᠳ 》 ᠭᠡᠳ ᠣᠯᠠᠨ ᠬᠤᠪᠢᠶᠠᠳᠠᠭ ᠪᠠᠶ᠋ᠢᠨ᠎ᠠ ᠃ ᠵᠠᠷᠢᠮ ᠨᠤᠲᠤᠭ ᠲᠤ᠌ 《 ᠡᠭᠡᠵᠡᠭ 》 ᠴᠦ᠍ ᠭᠡᠨ᠎ᠡ ᠃   
     ᠠᠷᠢᠬᠢ — ᠠᠶ᠋ᠢᠷᠠᠭ ᠢ᠋ᠶ᠋ᠠᠷ ᠨᠡᠷᠡᠭᠰᠡᠨ ᠤᠮᠳᠠᠭᠠᠨ ᠊ᠢ ᠠᠷᠢᠬᠢ ᠭᠡᠨ᠎ᠡ ᠃ ᠡᠭᠦᠨ ᠊ᠢ ᠰᠠᠭᠠᠯᠢ ᠶ᠋ᠢᠨ ᠠᠷᠢᠬᠢ ᠂ ᠮᠣᠩᠭᠣᠯ ᠠᠷᠢᠬᠢ ᠂ ᠰᠢᠮ᠎ᠡ ᠶ᠋ᠢᠨ ᠠᠷᠢᠬᠢ ᠂ ᠨᠡᠷᠡᠮᠡᠯ ᠠᠷᠢᠬᠢ ᠭᠡᠵᠦ ᠂ ᠣᠶ᠋ᠢᠷᠠᠳ ᠲᠤ᠌ ᠴᠣᠷᠭᠣ ᠶ᠋ᠢᠨ ᠠᠷᠢᠬᠢ ᠂ ᠪᠦᠷᠬᠦᠬᠡᠷ ᠦ᠋ᠨ ᠠᠷᠢᠬᠢ ᠭᠡᠵᠦ ᠨᠤᠲᠤᠭ ᠨᠤᠲᠤᠭ ᠲᠤ᠌ ᠵᠦᠢᠯ ᠵᠢᠰᠦᠮ ᠢ᠋ᠶ᠋ᠡᠷ ᠨᠡᠷᠡᠢᠳᠳᠡᠭ ᠃ ᠠᠷᠢᠬᠢᠨ ᠤ᠋ ᠨᠡᠷᠡᠯᠲᠡ ᠡᠴᠡ ᠪᠣᠯᠵᠤ ᠵᠥᠭᠡᠯᠡᠨ ᠬᠠᠲᠠᠭᠤ ᠶ᠋ᠢᠨ ᠢᠯᠭᠠᠭ᠎ᠠ ᠲᠠᠢ ᠃ ᠠᠷᠢᠬᠢ — ᠠᠷᠠᠵᠠ — ᠬᠣᠣᠷᠠᠵᠠ — ᠰᠢᠷᠠᠵᠠ ᠭᠡᠬᠦ ᠮᠡᠲᠦ ᠃ ᠣᠯᠠᠨ ᠤᠰᠤ ᠪᠠᠷ ᠠᠪᠤᠭᠰᠠᠨ ᠬᠠᠮᠤᠭ ᠤ᠋ᠨ ᠵᠥᠭᠡᠯᠡᠨ ᠠᠷᠢᠬᠢ ᠶ᠋ᠢ ᠰᠤᠪᠠᠰᠤ ᠭᠡᠳᠡᠭ ᠃  
     ᠮᠣᠩᠭᠣᠯᠴᠤᠳ ᠨᠡᠯᠦᠭᠡᠷ ᠨᠤᠲᠤᠭ ᠲᠤ᠌ ᠳᠡᠯᠭᠡᠷ ᠠᠮᠢᠳᠤᠷᠠᠵᠤ ᠪᠠᠶ᠋ᠢᠲᠠᠭ ᠲᠤᠯᠠ ᠦᠭᠡ ᠶ᠋ᠢᠨ ᠤᠳᠬ᠎ᠠ ᠪᠠ ᠳᠠᠭᠤᠳᠠᠯᠭ᠎ᠠ ᠶ᠋ᠢᠨ ᠲᠠᠯ᠎ᠠ ᠪᠠᠷ ᠵᠦᠷᠢᠶᠡᠨ ᠲᠡᠢ ᠪᠤᠶᠤ ᠪᠠᠶᠠᠯᠢᠭ ᠰᠠᠶᠢᠬᠠᠨ ᠨᠡᠷᠡᠶ᠋ᠢᠲᠦᠯ ᠲᠡᠢ ᠪᠠᠶ᠋ᠢᠲᠠᠭ ᠰᠠᠨ ᠃ ᠴᠠᠭᠠᠨ ᠢᠳᠡᠭᠡᠨ ᠦ᠌ ᠨᠡᠷᠡᠶ᠋ᠢᠲᠦᠯ ᠭᠡᠬᠦ ᠳ᠋ᠦ᠍ ᠮᠣᠩᠭᠣᠯ ᠲᠥᠷᠥᠯ ᠬᠡᠯᠡ ᠪᠠ ᠠᠮᠠᠨ ᠠᠶᠠᠯᠠᠭᠤᠨ ᠨᠤᠭᠤᠳ ᠲᠤ᠌ ᠦᠨᠳᠦᠰᠦᠨ ᠳ᠋ᠡᠭᠡᠨ ᠨᠢᠭᠡᠳᠦᠯᠲᠡᠢ ᠪᠣᠯᠪᠠᠴᠤ ᠵᠦᠷᠢᠶᠡᠨ ᠲᠡᠢ ᠲᠠᠯ᠎ᠠ ᠴᠤ᠌ ᠪᠠᠶ᠋ᠢᠨ᠎ᠠ ᠭᠡᠰᠡᠨ ᠊ᠢ ᠡᠨᠳᠡ ᠤᠮᠲᠤᠭᠠᠶ᠋ᠢᠯᠠᠬᠤ ᠦᠭᠡᠢ ᠃ ᠠᠷᠢᠬᠢ ᠳ᠋ᠤ᠌ ᠬᠣᠯᠪᠣᠭᠳᠠᠭᠰᠠᠨ ᠨᠡᠷᠡᠶ᠋ᠢᠲᠦᠯ ᠵᠥᠩᠳᠡᠭᠡᠨ ᠪᠠᠶ᠋ᠢᠲᠠᠭ ᠃ ᠮᠢᠨᠦ ᠪᠡᠶ᠎ᠡ ᠪᠠᠭ᠎ᠠ ᠳ᠋ᠠᠭᠠᠨ ᠠᠷᠢᠬᠢᠨ ᠤ᠋ ᠨᠡᠷᠡᠶ᠋ᠢᠲᠦᠯ ᠳ᠋ᠦ᠍ ᠬᠣᠯᠪᠣᠭᠳᠠᠭᠰᠠᠨ ᠬᠣᠯᠪᠣᠭ᠎ᠠ ᠴᠡᠭᠡᠵᠢᠯᠡᠵᠦ ᠪᠠᠶ᠋ᠢᠬᠰᠠᠨ ᠮᠠᠨᠢ ᠰᠠᠨᠠᠭᠠᠨ ᠳ᠋ᠤ᠌ ᠣᠷᠣᠵᠤ ᠪᠠᠶ᠋ᠢᠨ᠎ᠠ ᠄   
             ᠳᠠᠯᠠᠢᠳ ᠲᠠᠭᠠᠨ ᠪᠠᠶ᠋ᠢᠬᠰᠠᠨ ᠵᠢᠭᠠᠰᠤ ᠶ᠋ᠢ  
             ᠳᠡᠭᠡᠭᠡ ᠭᠣᠬᠠᠳᠠᠭᠠᠳ ᠭᠠᠷᠭᠠᠳᠠᠭ ᠭᠡᠨ᠎ᠡ ᠃  
             ᠳᠠᠷᠤᠭᠳᠠᠵᠤ ᠪᠠᠶ᠋ᠢᠬᠰᠠᠨ ᠦᠭᠡ ᠶ᠋ᠢ   
             ᠳᠠᠷᠠᠰᠤ ᠭᠣᠬᠠᠳᠠᠭᠠᠳ ᠭᠠᠷᠭᠠᠳᠠᠭ ᠭᠡᠨ᠎ᠡ   
             ᠨᠠᠭᠤᠷ ᠲᠠᠭᠠᠨ ᠪᠠᠶ᠋ᠢᠬᠰᠠᠨ ᠵᠢᠭᠠᠰᠤ ᠶ᠋ᠢ     
             ᠲᠠᠷᠴᠢᠮ ᠭᠣᠬᠠᠳᠠᠭᠠᠳ ᠭᠠᠷᠭᠠᠳᠠᠭ ᠭᠡᠨ᠎ᠡ ᠃  
             ᠨᠢᠭᠤᠭᠳᠠᠵᠤ ᠪᠠᠶ᠋ᠢᠬᠰᠠᠨ ᠦᠭᠡ ᠶ᠋ᠢ    
             ᠰᠡᠷᠵᠢᠮ ᠭᠣᠬᠠᠳᠠᠭᠠᠳ ᠭᠠᠷᠭᠠᠳᠠᠭ ᠭᠡᠨ᠎ᠡ ᠁ ᠭᠡᠬᠦ ᠪᠤᠶᠤ 《 ᠰᠠᠷᠬᠤᠳ ᠪᠣᠯᠪᠠᠰᠤ ᠰᠠᠪᠠᠨ ᠠ᠋ᠴᠠ ᠪᠠᠨ ᠪᠤᠰᠤᠳ ᠊ᠢ ᠪᠦᠷ ᠳᠡᠶ᠋ᠢᠯᠦᠨ᠎ᠡ 》 ᠭᠡᠵᠦ ᠠᠷᠢᠬᠢᠨ ᠤ᠋ ᠥᠭᠡᠷ᠎ᠡ ᠨᠡᠷᠡᠶ᠋ᠢᠲᠦᠯ ᠨᠤᠭᠦᠳ ᠣᠯᠠᠨ ᠪᠠᠶ᠋ᠢᠲᠠᠭ ᠃ ᠲᠤᠬᠠᠶ᠋ᠢᠯᠠᠪᠠᠯ ᠂ 《 ᠳᠠᠷᠠᠰᠤ 》 ᠂ 《 ᠰᠡᠷᠵᠢᠮ 》 ᠂ 《 ᠰᠠᠷᠬᠤᠳ 》 ᠭᠡᠬᠦ ᠵᠡᠷᠭᠡ ᠃ ᠳ᠋ᠦ᠋ᠩᠰᠢᠶᠠᠩ ᠬᠡᠯᠡᠨ ᠳ᠋ᠦ᠍ ᠠᠷᠢᠬᠢ ᠶ᠋ᠢ ᠳᠡᠷᠡᠰᠦᠨ ᠭᠡᠵᠦ ᠪᠣᠢ ᠃ 
     ᠬᠥᠮᠦᠨ ᠲᠥᠷᠥᠯᠬᠢᠲᠡᠨ ᠦ᠌ ᠠᠵᠢᠯ ᠦᠢᠯᠡᠳᠬᠦᠨ ᠳ᠋ᠦ᠍ ᠪᠣᠢ ᠪᠣᠯᠤᠭᠰᠠᠨ ᠠᠯᠢᠪᠠ ᠡᠳ᠋ ᠪᠤᠶᠤ ᠣᠶᠤᠨ ᠤ᠋ ᠶᠡᠷᠦᠩᠬᠡᠢ ᠨᠡᠷᠡᠶ᠋ᠢᠲᠦᠯ ᠨᠢ ᠴᠥᠮ ᠰᠣᠶᠣᠯ ᠤ᠋ᠨ ᠬᠢᠵᠠᠭᠠᠷ ᠲᠤ᠌ ᠪᠠᠭᠲᠠᠭᠳᠠᠵᠤ ᠂ ᠰᠣᠶᠣᠯ ᠲᠡᠦᠬᠡ ᠶ᠋ᠢᠨ ᠬᠥᠰᠢᠶ᠎ᠡ ᠳᠤᠷᠠᠰᠬᠠᠯ ᠪᠣᠯᠳᠠᠭ ᠶᠤᠮ ᠃ ᠮᠣᠩᠭᠣᠯᠴᠤᠳ ᠤ᠋ᠨ ᠠᠵᠢᠯ ᠲᠥᠷᠥᠯ ᠢ᠋ᠶ᠋ᠡᠷ ᠴᠣᠭᠴᠠᠯᠠᠭᠳᠠᠭᠰᠠᠨ — ᠲᠠᠪᠤᠨ ᠬᠣᠰᠢᠭᠤ ᠮᠠᠯ ᠳ᠋ᠤ᠌ ᠬᠣᠯᠪᠣᠭᠳᠠᠭᠰᠠᠨ ᠠᠯᠢᠪᠠ ᠪᠦᠲᠦᠭᠡᠭᠳᠡᠭᠦᠨ ᠨᠢ ᠴᠥᠮ ᠮᠣᠩᠭᠣᠯ ᠰᠣᠶᠣᠯ ᠤ᠋ᠨ ᠡᠬᠡ ᠬᠠᠭᠤᠷᠠᠢ ᠶ᠋ᠢᠨ ᠦᠵᠡᠰᠬᠦᠯᠡᠩ ᠂ ᠡᠭᠡᠰᠢᠭᠯᠡᠨᠭ ᠮᠥᠨ ᠲᠤᠯᠠ ᠂ ᠲᠡᠦᠬᠡ ᠶ᠋ᠢᠨ ᠠᠮᠢᠳᠤ ᠰᠣᠶᠣᠯ ᠢ᠋ᠶ᠋ᠠᠷ ᠰᠤᠳᠤᠯᠵᠤ ᠂ ᠳᠡᠯᠭᠡᠷᠡᠭᠦᠯᠵᠦ ᠂ ᠤᠯᠠᠮᠵᠢᠯᠠᠬᠤ ᠳ᠋ᠠᠭᠠᠨ ᠲᠠᠭᠠᠷᠠᠨ᠎ᠠ ᠃   
     ᠮᠣᠩᠭᠣᠯ ᠴᠠᠭᠠᠨ ᠢᠳᠡᠭᠡ ᠪᠣᠯ ᠰᠢᠮ᠎ᠡ ᠳᠡᠭᠡᠵᠢ — ᠰᠢᠯᠢᠳᠡᠭ ᠤᠭᠤᠷᠠᠭ ᠢᠳᠡᠭᠡᠨ ᠪᠣᠯᠤᠨ᠎ᠠ ᠃ ᠲᠡᠭᠦᠨ ᠦ᠌ ᠨᠡᠷᠡᠶ᠋ᠢᠲᠦᠯ ᠭᠡᠬᠦ ᠳ᠋ᠦ᠍ ᠪᠠᠶᠠᠨ ᠲᠠᠩᠰᠤᠭ ᠰᠣᠶᠣᠯ ᠶᠤᠮ ᠃ ᠭᠠᠵᠠᠷ ᠭᠠᠵᠠᠷ ᠭᠠᠩᠭᠠᠩ ᠢ᠋ᠶ᠋ᠠᠷ ᠳᠡᠯᠭᠡᠷᠡᠳᠡᠭ ᠲᠤᠯᠠ ᠡᠨᠳᠡ ᠵᠥᠪᠬᠡᠨ ᠥᠪᠡᠷ ᠦ᠋ᠨ ᠪᠡᠶ᠎ᠡ ᠨᠤᠲᠤᠭ ᠲᠡᠲᠦᠶ᠋ᠢᠬᠡᠨ ᠲᠤᠭᠤᠷᠪᠢᠯ ᠪᠣᠯᠤᠭᠰᠠᠨ ᠭᠡᠳᠡᠭ ᠢ᠋ᠶ᠋ᠡᠨ ᠲᠣᠲᠣᠷᠬᠠᠶ᠋ᠢᠯᠠᠶ᠎ᠠ !   

  
      ᠦᠰᠦᠭ ᠠᠮᠢᠯᠠᠭᠤᠯᠤᠭᠴᠢ ᠄ ᠱᠠᠭᠰᠠᠯ
         ᠦᠰᠦᠭ  ᠬᠢᠨᠠᠭᠴᠢ ᠄ ᠣᠤᠠᠬᠠᠨᠰᠣ‌‍ᠠ᠋