ᠡᠮᠡᠭᠡᠨᠴᠤᠤᠯ ᠢ᠋ ᠪᠠᠬᠠᠷᠬᠠᠭᠰᠠᠨ - ᠮᠢᠨᠦ ᠰᠡᠳᠬᠢᠯ ᠦ᠋ᠨ ᠲᠣᠭᠠᠴᠢᠯ - ᠭᠣᠩᠭᠣᠷᠵᠠᠪ Эмгэнцуулыг бахархсан – Миний суухилын тоочил - Гонгоржав
ᠡᠮᠡᠭᠡᠨᠴᠤᠤᠯ ᠢ᠋ ᠪᠠᠬᠠᠷᠬᠠᠭᠰᠠᠨ - ᠮᠢᠨᠦ ᠰᠡᠳᠬᠢᠯ ᠦ᠋ᠨ ᠲᠣᠭᠠᠴᠢᠯ
ᠭᠣᠩᠭᠣᠷᠵᠠᠪ
ᠡᠷ᠎ᠡ ᠬᠥᠮᠦᠨ ᠦ᠌ ᠵᠠᠶᠠᠭᠠᠨ ᠤ᠋ ᠴᠡᠴᠡᠭᠡᠰ
ᠡᠨᠡ ᠳᠡᠯᠡᠬᠡᠢ ᠶ᠋ᠢᠨ ᠪᠦᠪᠡᠢ ᠠᠶᠠᠯᠠᠯ
ᠡᠵᠢ ᠨᠡᠷ᠎ᠡ ᠲᠡᠢ ᠡᠨᠡᠷᠢᠯ ᠦ᠋ᠨ ᠪᠤᠷᠬᠠᠨ
ᠡᠯᠪᠡᠭ ᠪᠤᠶᠠᠨ ᠤ᠋ ᠢᠷᠦᠭᠡᠯ ᠦ᠋ᠨ ᠰᠠᠩ
ᠦᠷ᠎ᠡ ᠪᠣᠯᠣᠭᠰᠠᠳ ᠤ᠋ᠨ ᠥᠨᠥᠴᠢᠨ ᠥᠮᠥᠭ
ᠥᠨᠳᠥᠷ ᠠᠭᠤᠯᠠ ᠰᠢᠭ᠋ ᠪᠠᠲᠤ ᠲᠦᠰᠢᠭ
ᠡᠷᠦᠬᠡ ᠭᠡᠷ ᠦ᠋ᠨ ᠪᠠᠭᠠᠨ᠎ᠠ ᠲᠤᠯᠭᠠᠭᠤᠷᠢ
ᠦᠯᠡᠮᠵᠢ ᠪᠤᠶᠠᠨ ᠤ᠋ ᠡᠭᠦᠳᠡᠨ ᠰᠠᠬᠢᠭᠤᠯ ᠃
ᠡᠯᠪᠡᠷᠢᠯᠲᠦ ᠡᠬᠡᠴᠦᠦᠯ ᠢ᠋ᠶ᠋ᠡᠨ ᠮᠠᠭᠲᠠᠶ᠎ᠠ
ᠡᠨᠡ ᠳᠡᠯᠡᠬᠡᠢ ᠳ᠋ᠦ᠍ ᠠᠯᠳᠠᠷᠰᠢᠭᠤᠯᠤᠶ᠎ᠠ ᠃
ᠨᠠᠰᠤᠲᠠᠨ ᠳ᠋ᠤ᠌ ᠡᠯᠪᠡᠷᠢᠯ ᠲᠡᠢ ᠵᠢᠷᠤᠮᠲᠤ ᠪᠡᠷᠢ
ᠨᠡᠷᠡᠲᠦ ᠣᠷᠴᠢᠯᠠᠩ ᠤ᠋ᠨ ᠠᠴᠢᠯᠠᠯᠲᠤ ᠥᠬᠢᠨ
ᠨᠠᠷᠠᠨ ᠲᠤᠩᠭᠠᠯᠠᠭ ᠤᠬᠠᠭᠠᠨ ᠤ᠋ ᠭᠡᠭᠡ
ᠨᠠᠢᠷᠰᠠᠭ ᠤ᠋ᠨ ᠵᠢᠱ᠌ᠢᠶ᠎ᠡ ᠣᠯᠠᠨ ᠤ᠋ ᠠᠯᠳᠠᠷ
ᠦᠷ᠎ᠡ ᠳ᠋ᠡᠭᠡᠨ ᠭᠡᠰᠡᠨ ᠥᠷᠦᠪᠴᠢ ᠰᠠᠨᠠᠭ᠎ᠠ
ᠥᠷᠯᠥᠭᠡ ᠦᠳᠡᠰᠢ ᠶ᠋ᠢᠨ ᠪᠦᠥᠪᠡᠢ ᠳᠠᠭᠤᠯᠠᠯ
ᠦᠷᠭᠦᠯᠵᠢ ᠴᠢᠷᠮᠠᠢᠳᠠᠭ ᠨᠢᠩᠵᠢᠨ ᠰᠡᠳᠬᠢᠯ
ᠦᠨᠡᠨ ᠵᠢᠷᠦᠬᠡᠨ ᠦ᠌ ᠬᠠᠢᠷ᠎ᠠ ᠶ᠋ᠢᠨ ᠢᠪᠡᠯᠦᠯ ᠃
ᠬᠥᠮᠦᠯᠢᠭ ᠰᠠᠨᠠᠭ᠎ᠠ ᠶ᠋ᠢ ᠨᠢ ᠪᠢᠰᠢᠷᠡᠶ᠎ᠡ
ᠬᠥᠮᠦᠨ ᠦ᠌ ᠬᠢᠨᠢ ᠰᠠᠢᠨ ᠢ᠋ ᠮᠠᠭᠲᠠᠶ᠎ᠠ ᠃
ᠭᠡᠷ ᠢ᠋ᠶ᠋ᠡᠨ ᠳᠣᠳᠣᠮᠳᠠᠭᠰᠠᠨ ᠭᠡᠭᠡᠯᠢᠭ ᠤᠬᠠᠭᠠᠨ
ᠭᠡᠷᠭᠡᠢ ᠭᠡᠰᠡᠨ ᠬᠠᠷᠢᠭᠤᠴᠠᠯᠭᠠᠲᠤ ᠰᠡᠳᠬᠢᠯᠭᠡ
ᠬᠡᠷᠰᠡᠦ ᠰᠠᠭᠤᠵᠤ ᠲᠣᠬᠢᠵᠢᠭᠰᠠᠨ ᠴᠢᠳᠠᠪᠤᠷᠢ
ᠭᠡᠮ ᠦᠭᠡᠢ ᠠᠷᠢᠭᠤᠨ ᠲᠤᠩᠭᠠᠯᠠᠭ ᠪᠣᠳᠣᠯ ᠃
ᠨᠥᠬᠥᠷ ᠢ᠋ᠶ᠋ᠡᠨ ᠬᠠᠢᠷᠠᠯᠠᠳᠠᠭ ᠢᠨᠠᠭ ᠰᠢᠲᠦᠯᠭᠡ
ᠨᠥᠬᠥᠳ ᠢ᠋ ᠪᠣᠳᠣᠳᠠᠭ ᠰᠡᠳᠬᠢᠯ ᠦ᠋ᠨ ᠲᠡᠩᠬᠡᠭᠡ
ᠨᠥᠭᠡᠴᠡᠯᠡᠵᠦ ᠭᠠᠮᠨᠠᠳᠠᠭ ᠠᠷᠪᠢᠴᠢ ᠵᠠᠩᠰᠢᠯ
ᠨᠥᠮᠥᠷᠢ ᠰᠢᠭ ᠳᠤᠯᠠᠭᠠᠨ ᠰᠡᠳᠬᠢᠯ ᠦ᠋ᠨ ᠢᠯᠴᠢ
ᠭᠠᠯ ᠬᠠᠯᠠᠭᠤᠨ ᠵᠠᠩ ᠢ᠋ ᠴᠢᠨᠢ ᠮᠠᠭᠲᠠᠶ᠎ᠠ
ᠭᠠᠪᠢᠶ᠎ᠠ ᠤᠯᠪᠠᠭ᠎ᠠ ᠶ᠋ᠢ ᠴᠢᠨᠢ ᠳᠠᠭᠤᠯᠠᠶ᠎ᠠ ᠃
ᠠᠷᠤᠭ ᠡᠭᠦᠷᠦᠭᠡᠳ ᠭᠠᠵᠢᠭᠰᠠᠨ ᠨᠢᠷᠤᠭᠤ
ᠠᠷᠭᠠᠯ ᠲᠡᠭᠦᠭᠡᠳ ᠮᠤᠷᠤᠢᠭᠰᠠᠨ ᠡᠪᠦᠳᠦᠭ
ᠠᠴᠢᠶ᠎ᠠ ᠨᠢ ᠬᠦᠨᠳᠦᠷᠡᠭᠡᠳ ᠪᠥᠬᠥᠢᠭᠰᠡᠨ ᠪᠡᠶ᠎ᠡ
ᠠᠯᠬᠤᠭ᠎ᠠ ᠠᠷᠪᠢᠳᠤᠭᠠᠳ ᠮᠠᠢᠵᠢᠢᠭᠰᠠᠨ ᠬᠥᠯ
ᠳᠠᠯᠠᠩ ᠲᠠᠲᠠᠭᠠᠳ ᠲᠠᠬᠢᠢᠭᠰᠠᠨ ᠲᠣᠬᠣᠢ
ᠳᠡᠭᠡᠰᠦ ᠲᠠᠮᠤᠭᠠᠳ ᠡᠪᠡᠷᠰᠢᠭᠰᠡᠨ ᠠᠯᠠᠭ᠎ᠠ
ᠳᠡᠭᠡᠪᠦᠷ ᠬᠦᠪᠦᠷᠢᠳᠴᠦ ᠮᠣᠨᠣᠢᠬᠰᠠᠨ ᠬᠤᠷᠤᠭᠤ
ᠳᠡᠩᠳᠡᠭᠦᠦ ᠵᠦᠳᠡᠷᠡᠭᠰᠡᠨ ᠦᠷᠴᠢᠬᠡᠷ ᠴᠢᠷᠠᠢ
ᠵᠦᠳᠡᠷᠡᠵᠦ ᠶᠠᠪᠤᠭᠰᠠᠨ ᠢ᠋ ᠴᠢᠨᠢ ᠳᠤᠷᠠᠰᠤᠶ᠎ᠠ
ᠵᠦᠭᠡᠷ ᠰᠠᠭᠤᠭᠰᠠᠨ ᠦᠭᠡᠢ ᠶ᠋ᠢ ᠴᠢᠨᠢ ᠦᠨᠡᠯᠡᠶᠡ ᠃
ᠲᠣᠭᠠᠯᠠᠭᠰᠠᠨ ᠨᠠᠰᠤ ᠨᠢ ᠲᠤᠯᠭ᠎ᠠ ᠶ᠋ᠢᠨ ᠵᠠᠬ᠎ᠠ
ᠲᠣᠭᠣᠷᠢᠭᠰᠠᠨ ᠭᠠᠵᠠᠷ ᠨᠢ ᠮᠠᠯ ᠤ᠋ᠨ ᠪᠡᠯᠴᠢᠭᠡᠷ
ᠲᠤᠬᠠᠢᠯᠠᠭᠰᠠᠨ ᠠᠵᠢᠯ ᠨᠢ ᠭᠡᠷ ᠭᠠᠳᠠᠭ᠎ᠠ
ᠲᠤᠩ ᠴᠤ᠌ ᠵᠦᠳᠡᠷᠡᠯ᠎ᠡ ᠰᠢᠦ ᠂ ᠲᠠᠨᠠᠷ ᠮᠢᠨᠢ
ᠳᠤᠷᠪᠠᠨ ᠤᠯᠠᠷᠢᠯ ᠠᠳᠠᠯᠢᠬᠠᠨ ᠵᠦᠳᠡᠷᠡᠵᠦ
ᠲᠦᠪᠡᠭ ᠬᠦᠴᠢᠷ ᠢ᠋ ᠠᠳᠠᠯᠢᠬᠠᠨ ᠠᠮᠰᠠᠴᠤ
ᠲᠦᠮᠡᠨ ᠦ᠌ ᠳᠤᠮᠳᠠ ᠠᠳᠠᠯᠢᠬᠠᠨ ᠠᠵᠢᠯᠯᠠᠵᠤ
ᠲᠡᠦᠬᠡᠨ ᠳ᠋ᠦ᠍ ᠭᠠᠪᠢᠶ᠎ᠠ ᠲᠠᠢ ᠰᠢᠦ ᠲᠠᠨᠠᠷ ᠮᠢᠨᠢ
ᠠᠯᠬᠤᠭᠰᠠᠨ ᠮᠥᠷ ᠢ᠋ ᠴᠢᠨᠢ ᠳᠤᠷᠠᠰᠤᠶ᠎ᠠ
ᠠᠮᠵᠢᠯᠲᠠ ᠭᠠᠪᠢᠶ᠎ᠠ ᠶ᠋ᠢ ᠴᠢᠨᠢ ᠲᠣᠭᠠᠴᠢᠶ᠎ᠠ ᠃
ᠬᠡᠦᠬᠡᠨ ᠵᠠᠶᠠᠭ᠎ᠠ ᠪᠠᠨ ᠪᠤᠰᠤᠳ ᠲᠠᠢ ᠬᠣᠯᠪᠣᠵᠤ
ᠬᠥᠮᠦᠨ ᠦ᠌ ᠭᠣᠯᠣᠮᠲᠠ ᠶ᠋ᠢ ᠪᠠᠲᠠᠷᠠᠭᠠᠭᠰᠠᠨ
ᠬᠥᠮᠦᠯᠢᠭ ᠲᠩᠷᠢ ᠶ᠋ᠢᠨ ᠳᠠᠭᠢᠨᠢᠰ ᠪᠣᠯᠤᠭᠰᠠᠨ
ᠬᠥᠳᠡᠯᠮᠦᠷᠢ ᠶ᠋ᠢᠨ ᠪᠠᠭᠠᠲᠤᠷ ᠲᠠᠨᠠᠷ ᠤ᠋ᠳ ᠮᠢᠨᠢ
ᠵᠠᠶᠠᠭ᠎ᠠ ᠬᠣᠯᠪᠣᠭᠰᠠᠨ ᠨᠥᠬᠥᠷ ᠲᠡᠢ ᠪᠡᠨ ᠴᠣᠭ
ᠵᠢᠷᠭᠠᠯ ᠪᠡᠶᠡᠯᠡᠭᠰᠡᠨ ᠠᠮᠢᠳᠤᠷᠠᠯ ᠲᠠᠢ ᠬᠠᠮᠲᠤ
ᠵᠢᠷᠠᠨ ᠵᠢᠷᠠᠨ ᠢ᠋ᠶ᠋ᠠᠷ ᠤᠷᠲᠤ ᠨᠠᠰᠤᠯᠠᠭᠠᠷᠠᠢ
ᠵᠢᠷᠭᠤᠭᠠᠲᠠᠢ ᠲᠠᠶᠠᠭ ᠲᠤᠯᠤᠨ ᠵᠢᠷᠭᠠᠭᠠᠷᠠᠢ ᠃
ᠵᠠᠭᠤ ᠨᠠᠰᠤᠯᠠᠵᠤ ᠵᠢᠷᠭᠠᠨ ᠪᠠᠶᠠᠰᠤᠭᠠᠷᠠᠢ
ᠵᠠᠭᠤᠷᠠᠳᠤ ᠪᠢᠰᠢ ᠥᠨᠢᠳᠡ ᠮᠥᠩᠬᠡᠷᠡᠭᠡᠷᠡᠢ
2022 .9. ᠰᠠᠷ᠎ᠠ ᠳ᠋ᠤ᠌
ᠱᠠᠩᠳᠤ ᠪᠠᠯᠭᠠᠰᠤᠨ᠎ᠠ ᠃
ᠦᠰᠦᠭ ᠠᠮᠢᠯᠠᠭᠤᠯᠤᠭᠴᠢ ᠄ ᠱᠠᠭᠰᠠᠯ
ᠬᠢᠨᠠᠭᠴᠢ᠄ ᠣᠳᠬᠠᠨᠰᠣ᠎ᠠ
