ᠵᠣᠨ - ᠲ ᠂ ᠭᠣᠮᠪᠣᠵᠠᠪ Жон - Т ᠂ Гомбожав
ᠵᠣᠨ
- ᠲ ᠂ ᠭᠣᠮᠪᠣᠵᠠᠪ
ᠴᠢᠯᠦᠭᠡᠯᠡᠭᠳᠡᠭᠰᠡᠨ ᠡᠷᠬᠡ ᠴᠢᠯᠥᠭᠡ
ᠴᠢᠲᠥᠷ ᠦ᠋ᠨ ᠲᠡᠮᠦᠷ ᠂ ᠦᠨᠡᠰᠦᠨ ᠣᠪᠣᠭᠠᠨ ᠳ᠋ᠦ᠍ ᠬᠠᠶᠠᠭᠲᠠᠯᠠ!
ᠲᠠᠯ᠎ᠠ ᠳ᠋ᠦ᠍ ᠂ ᠠᠮᠢᠲᠤᠷᠠᠯ ᠲᠦᠮᠡᠨ ᠬᠡᠯᠡ ᠪᠡᠷ ᠳᠠᠭᠣᠯᠠᠯᠴᠠᠨ
ᠲᠠᠷᠭᠤᠨ ᠡᠭᠦᠯᠡᠨ ᠡᠴᠡ ᠨᠣᠶ᠋ᠢᠲᠠᠨ ᠦᠯᠢᠭᠡᠷ
ᠤᠯᠠᠷᠢᠯ ᠠᠷᠭᠠᠲᠠᠵᠤ ᠤᠨᠠᠨ᠎ᠠ
ᠲᠤᠯᠤᠭᠠᠳ ᠦ᠋ᠨ ᠣᠷᠣᠢ ᠪᠠᠷ ᠡᠩᠬᠦᠷᠡᠶ᠋ᠢᠯᠡᠯ ᠦᠶᠡᠷᠯᠡᠵᠦ
ᠨᠠᠷᠠ
ᠲᠣᠬ᠋᠎ᠠ ᠦᠭᠡᠢ ᠣᠯᠠᠨ ᠭᠠᠷ ᠶ᠋ᠢᠠᠷ ᠶ᠋ᠢᠠᠨ
ᠲᠣᠰᠣᠨ ᠵᠢᠷᠤᠭ ᠵᠢᠷᠤᠨ᠎ᠠ
ᠡᠩᠬᠡ ᠰᠠᠨᠠᠭᠰᠠᠨ ᠨᠢᠲᠦᠨ ᠳ᠋ᠦ᠍
ᠡᠬᠡ ᠭᠠᠵᠠᠷ ᠥᠩᠭᠡ ᠪᠣᠲᠣᠭ ᠶᠠᠷᠢᠵᠤ
ᠡᠩᠬᠦᠷᠡᠢ ᠪᠠᠬ᠋᠎ᠠ ᠶ᠋ᠢᠨ ᠵᠡᠭᠦᠲᠦ ᠨᠤᠭᠦᠳ
ᠡᠨᠲᠡ ᠲᠡᠨᠲᠡ ᠦᠭᠡᠢ ᠬᠠᠷᠠᠭᠲᠠᠨ
ᠡᠷᠪᠡᠬᠡᠢ ᠂ ᠤᠯᠠᠷᠢᠯ ᠦ᠋ᠨ ᠡᠨᠡᠬᠦ ᠬᠥᠩᠭᠡᠨ ᠳᠠᠭᠤᠤ
ᠮᠥᠷᠥᠭᠡᠲᠦᠯ ᠬᠥᠲᠥᠯᠵᠦ ᠨᠢᠰᠤᠯᠴᠡᠨᠡ
ᠴᠢᠨᠣ ᠮᠠᠷᠲᠠᠭᠰᠠᠨ ᠰᠡᠤᠠᠬᠢᠯ
ᠴᠢᠯᠠᠭᠤ ᠨᠢ ᠨᠤᠷᠠᠭᠰᠠᠨ ᠬᠠᠰᠢᠶᠠᠨ ᠬᠡᠷᠡᠮ ᠳᠠᠪᠠᠨ᠎ᠠ
ᠴᠡᠴᠡᠭ ᠪᠢᠲᠡᠭᠦᠬᠡᠨ ᠵᠣᠷ ᠊ᠢ ᠰᠠᠷ᠎ᠠ ᠲᠡᠷᠭᠡᠯᠬᠡᠨ ᠡᠷᠢᠨ᠎ᠡ ᠡ!
ᠠᠶ᠋ᠢᠯ ᠦ᠋ᠨ ᠡᠭᠦᠲᠡ ᠪᠡᠷ ᠵᠣᠴᠢᠳ ᠴᠤᠪᠤᠷᠠᠨ᠎ᠠ
ᠠᠯᠤᠰ ᠳᠠᠯᠠᠢ ᠶ᠋ᠢᠨ ᠳᠠᠪᠠᠯᠭᠠᠨ ᠴᠢᠮᠡᠭᠡ
ᠠᠷᠭᠠᠯ ᠦ᠋ᠨ ᠤᠲᠤᠭᠠᠨ ᠳ᠋ᠦ᠍ ᠰᠢᠩᠭᠡᠵᠦ ᠢᠷᠡᠨ᠎ᠡ
ᠬᠠᠯᠠᠭᠤᠴᠠᠭᠰᠠᠨ ᠦᠭᠡ ᠬᠠᠶᠠᠭ ᠶ᠋ᠢᠠᠨ ᠣᠯᠬᠤ ᠦᠭᠡᠢ
ᠬᠠᠨ᠎ᠠ ᠶ᠋ᠢᠨ ᠢᠷᠣᠭᠠᠷ ᠲᠤ ᠰᠡᠭᠦᠲᠡᠷ ᠨᠢᠴᠦᠭᠦᠨ
ᠬᠠᠶ᠋ᠢᠷ᠎ᠠ ᠂ ᠠᠭᠤᠯᠠᠨ ᠣᠷᠣᠢ ᠳᠠᠪᠠᠯ᠎ᠠ
ᠣᠷᠣᠢ ᠨᠣᠭᠣᠭᠠᠨ ᠵᠡᠭᠦᠲᠦ
ᠣᠲᠣᠳ ᠣᠮᠪᠠᠯᠴᠠᠭᠰᠠᠨ ᠪᠣᠲᠣᠯ ᠬᠥᠪᠡᠭᠡᠯᠡᠨ ᠬᠥᠬᠡᠷᠡᠵᠦ
ᠬᠥᠮᠦᠨ ᠪ ᠵᠠᠯᠠᠭᠤᠬᠠᠨ ᠬᠦᠰᠡᠯ
ᠵᠳ ᠪ ᠬᠠᠯᠠᠭᠤᠨ ᠠᠯᠠᠭᠠᠨ ᠳᠡᠭᠡᠷ᠎ᠡ ᠡᠩ ᠥᠷᠭᠡᠨ ᠤᠷᠭᠤᠨ᠎ᠠ
ᠡᠷ᠎ᠡ ᠬᠠᠲᠠᠭᠤ ᠢᠲᠡᠭᠡᠯ ᠶ᠋ᠢᠡᠷ ᠡᠭᠴᠡ ᠪᠣᠰᠤᠬ᠋᠎ᠠ ᠰᠢᠭᠤᠶ᠋ᠢᠷᠠᠨᠠ
ᠵᠠᠯᠠᠭᠤ ᠰᠢᠯᠦᠭᠴᠢᠳ ᠦᠨ ᠴᠣᠪᠣᠷᠠᠯ ᠪᠢᠴᠢᠭ᠌
< ᠢᠷᠡᠬᠦ ᠵᠠᠭᠤᠨ ᠤ ᠬᠣᠩᠬᠣᠨ ᠳᠠᠭᠤᠨ > ᠡᠴᠡ ᠬᠠᠭᠤᠯᠪᠠ᠃
ᠠᠮᠢᠯᠠᠭᠤᠯᠤᠨ ᠬᠠᠭᠤᠯᠤᠭᠰᠠᠨ ᠨᠢ ᠄ ᠪᠠᠭᠠᠲᠤᠷ
ᠬᠢᠨᠠᠭᠴᠢ ᠄ ᠴᠤᠯᠮᠤᠨᠲᠤᠶᠠᠭ᠎ᠠ
2023 . 05. 15 ᠪ ᠡᠲᠦᠷ
