ᠵᠢᠷᠦᠬᠡᠨ ᠦ ᠰᠤᠳᠠᠰᠤ - ᠪ᠂ ᠪᠦᠷᠢᠨᠪᠡᠬᠢ Зүрхний судас - Б ᠂ Бүрэнбэх ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠢᠷᠦᠬᠡᠨ ᠦ ᠰᠤᠳᠠᠰᠤ - ᠪ᠂ ᠪᠦᠷᠢᠨᠪᠡᠬᠢ Зүрхний судас - Б ᠂ Бүрэнбэх

ᠵᠢᠷᠦᠬᠡᠨ ᠦ ᠰᠤᠳᠠᠰᠤ - ᠪ᠂ ᠪᠦᠷᠢᠨᠪᠡᠬᠢ Зүрхний судас - Б ᠂ Бүрэнбэх

2023-05-17

251

ᠵᠢᠷᠦᠬᠡᠨ ᠦ ᠰᠤᠳᠠᠰᠤ

   
      ᠬᠤᠷᠠᠭᠰᠠᠨ ᠴᠠᠰᠤᠨ ᠤ᠋ ᠵᠠᠷᠢᠮ ᠨᠢ ᠳᠡᠭᠡᠭᠰᠢ ᠳᠡᠭᠳᠡᠵᠦ ᠂ ᠨᠡᠭᠦᠳᠡᠯ ᠴᠠᠭᠠᠨ ᠡᠭᠦᠯᠡᠨ ᠳ᠋ᠦ᠍ ᠰᠢᠷᠭᠤᠪᠠ ᠃ ᠵᠠᠷᠢᠮ ᠨᠢ ᠳᠣᠷᠣᠭᠰᠢ ᠰᠢᠩᠭᠡᠵᠦ ᠂ ᠢᠨᠢᠶᠡᠯᠳᠦ ᠬᠠᠷ᠎ᠠ ᠰᠢᠷᠣᠢ ᠳ᠋ᠤ᠌ ᠰᠢᠷᠭᠢᠪᠡ ᠃ ᠵᠠᠷᠢᠮ ᠨᠢ ᠭᠣᠣᠯ ᠭᠣᠷᠣᠬᠠᠨ ᠳ᠋ᠤ᠌ ᠠᠢᠯᠴᠢᠯᠠᠨ ᠣᠴᠢᠪᠠ ᠃ ᠵᠠᠷᠢᠮ ᠨᠢ ᠰᠠᠯᠠᠭ᠎ᠠ ᠮᠥᠴᠢᠷ ᠲᠦ᠍ ᠰᠢᠮᠡᠳᠦᠨ ᠭᠦᠶᠦᠪᠡ ᠃ ᠢᠩᠭᠢᠭᠰᠡᠨ ᠡᠴᠡ ᠡᠭᠦᠯᠡᠨ ᠦ᠌ ᠳᠣᠲᠣᠷ᠎ᠠ ᠯᠤᠤ ᠰᠡᠭᠦᠯ ᠢ᠋ᠶ᠋ᠡᠨ ᠰᠢᠷᠪᠠᠵᠤ᠂ ᠬᠥᠷᠥᠰᠥᠨ ᠦ᠌ ᠳᠣᠲᠣᠷ᠎ᠠ ᠦᠨᠳᠦᠰᠦ ᠰᠠᠬᠠᠯ ᠢ᠋ᠶ᠋ᠠᠨ ᠬᠥᠳᠡᠯᠭᠡᠨ ᠂ ᠭᠣᠣᠯ ᠭᠣᠷᠣᠬ᠎ᠠ ᠳᠠᠭᠤ ᠬᠣᠭᠣᠯᠠᠢ ᠪᠠᠨ ᠵᠠᠰᠠᠵᠤ ᠂ ᠰᠠᠯᠠᠭ᠎ᠠ ᠮᠥᠴᠢᠷ ᠦᠶ᠎ᠡ ᠭᠡᠰᠢᠭᠦᠦ ᠪᠡᠨ ᠳᠡᠨᠡᠢᠯᠭᠡᠨ᠎ᠡ ᠃    
     ᠡᠨᠡ ᠬᠠᠪᠤᠷ ᠮᠠᠨ ᠤ᠋ ᠨᠤᠲᠤᠭ ᠠ᠋ᠴᠠ ᠪᠡᠭᠡᠵᠢᠩ ᠳ᠋ᠦ᠍ ᠲᠡᠮᠦᠷ ᠵᠠᠮ ᠨᠠᠪᠲᠠᠷᠠᠯ᠎ᠠ ᠃     
     ᠪᠢᠳᠡ ᠡᠨᠡ ᠲᠡᠮᠦᠷ ᠵᠠᠮ ᠢ᠋ ᠪᠣᠯᠣᠳ ᠭᠠᠷ ᠭᠡᠵᠦ ᠪᠣᠯᠬᠤ ᠦᠭᠡᠢ ᠦᠦ ?ᠠᠷᠤ ᠭᠠᠵᠠᠷ ᠤ᠋ᠨ ᠮᠠᠯᠴᠢᠳ ᠡᠨᠡ ᠲᠣᠮᠣ ᠭᠠᠷ ᠢ᠋ᠶ᠋ᠠᠷ ᠢ᠋ᠶ᠋ᠠᠨ ᠲᠢᠶᠠᠨ ᠠᠨ ᠮᠧᠨ ᠦ᠌ ᠡᠮᠦᠨ᠎ᠡ ᠰᠦ ᠶ᠋ᠢᠨ ᠳᠡᠭᠡᠵᠢ ᠪᠡᠨ ᠡᠷᠭᠦᠨ᠎ᠡ ᠃  
     ᠪᠢᠳᠡ ᠡᠭᠦᠨ ᠢ᠋ ᠵᠢᠷᠦᠬᠡᠨ ᠦ᠌ ᠰᠤᠳᠠᠰᠤ ᠭᠡᠵᠦ ᠪᠣᠯᠬᠤ ᠦᠭᠡᠢ ᠦᠦ? ᠡᠨᠡ ᠰᠤᠳᠠᠰᠤ ᠮᠣᠩᠭᠣᠯᠴᠤᠳ ᠤ᠋ᠨ ᠵᠢᠷᠦᠬᠡᠨ ᠦ᠌ ᠯᠤᠭᠰᠢᠯᠲᠠ ᠶ᠋ᠢ ᠬᠤᠸᠠᠢ ᠿᠧᠨ ᠳᠠᠩ ᠤ᠋ᠨ ᠵᠦᠩ ᠦ᠋ᠨ ᠴᠣᠬᠢᠯᠭ᠎ᠠ ᠲᠠᠢ ᠬᠣᠯᠪᠣᠨ᠎ᠠ ᠃ 
     ᠪᠢᠳᠡ ᠡᠭᠦᠨ ᠢ᠋ ᠴᠣᠭᠣᠷ ᠤ᠋ᠨ ᠤᠲᠠᠰᠤ ᠭᠡᠵᠦ ᠪᠣᠯᠬᠤ ᠦᠭᠡᠢ ᠦᠦ ? ᠡᠨᠡ ᠤᠲᠠᠰᠤ ᠲᠠᠯ᠎ᠠ ᠶ᠋ᠢᠨ ᠢᠷᠠᠭᠤ ᠡᠬᠡᠰᠢᠭ ᠢ᠋ ᠲᠠᠰᠤᠷᠠᠯ ᠦᠭᠡᠢ ᠪᠡᠷ ᠪᠧᠢ ᠬᠠᠢ ᠴᠡᠴᠡᠷᠯᠢᠭ ᠲᠦ᠍ ᠬᠦᠷᠭᠡᠨ ᠬᠠᠩᠭᠢᠨᠠᠭᠤᠯᠤᠨ᠎ᠠ ᠃  
     ᠪᠢᠳᠡ ᠡᠭᠦᠨ ᠢ᠋ ᠮᠥᠷᠥᠭᠡᠳᠦᠯ ᠦ᠋ᠨ ᠰᠣᠯᠣᠩᠭ᠎ᠠ ᠭᠡᠵᠦ ᠪᠣᠯᠬᠤ ᠦᠭᠡᠢ ᠦᠦ ? ᠡᠨᠡ ᠰᠣᠯᠣᠩᠭ᠎ᠠ ᠪᠡᠭᠡᠵᠢᠩ ᠳ᠋ᠦ᠍ ᠳᠡᠯᠭᠡᠷᠡᠭᠰᠡᠨ ᠪᠡᠯᠭᠡᠲᠦ ᠴᠡᠴᠡᠭ ᠦ᠋ᠨ ᠡᠷᠬᠡᠰ ᠢ᠋ ᠬᠥᠳᠡᠭᠡ ᠲᠠᠯ᠎ᠠ ᠳ᠋ᠤ᠌ ᠠᠪᠴᠢᠷᠠᠵᠤ ᠰᠠᠴᠤᠨ᠎ᠠ ᠃                                                                                           
                           1962.1