ᠮᠥᠩᠭᠥᠨ ᠳᠡᠯᠡᠬᠡᠢ ᠶ᠋ᠢᠨ ᠡᠵᠡᠳ ( ᠮᠥᠴᠡᠯᠭᠡ ᠰᠢᠯᠦᠭ ) – ᠪ᠂ ᠪᠦᠷᠢᠨᠪᠡᠬᠢ Мөнгөн дэлхийн эзэд ( Мөчлөг шүлэг ) – Б ᠂ Бүрэнбэх
ᠮᠥᠩᠭᠥᠨ ᠳᠡᠯᠡᠬᠡᠢ ᠶ᠋ᠢᠨ ᠡᠵᠡᠳ ( ᠮᠥᠴᠡᠯᠭᠡ ᠰᠢᠯᠦᠭ )
ᠴᠠᠰᠤ ᠂ ᠮᠥᠷ ᠂ ᠴᠠᠰᠤ
ᠡᠪᠦᠯ ᠦ᠋ᠨ ᠴᠠᠰᠤ ᠬᠥᠳᠡᠭᠡ ᠨᠤᠲᠤᠭ ᠢ᠋ ᠴᠤᠯᠤ ᠮᠥᠩᠭᠥ ᠪᠡᠷ ᠭᠠᠳᠠᠷᠯᠠᠭᠰᠠᠨ ᠰᠢᠭ᠋ ᠡᠭᠡᠷᠡᠮ᠎ᠡ ᠰᠠᠷᠠᠭᠤᠯ ᠲᠠᠯ᠎ᠠ ᠴᠠᠭᠠᠨ ᠂ ᠪᠠᠷᠤᠭ ᠪᠦᠷᠦᠭ ᠰᠢᠭᠤᠢ ᠴᠠᠭᠠᠨ ᠂ ᠪᠦᠳᠡᠭᠢ ᠰᠦᠳᠡᠬᠢ ᠠᠭᠤᠯᠠ ᠴᠠᠭᠠᠨ ᠃ ᠰᠠᠯᠬᠢ ᠦᠭᠡᠢ ᠂ ᠴᠢᠮᠡᠭᠡ ᠦᠭᠡᠢ ᠵᠢᠭᠲᠡᠢ ᠨᠠᠮ ᠵᠢᠮ ᠃ ᠭᠬᠢᠷ ᠦᠭᠡᠢ ᠂ ᠲᠣᠭᠣᠰᠣ ᠦᠭᠡᠢ ᠭᠠᠢᠬᠠᠯᠲᠠᠢ ᠠᠷᠢᠭᠤᠨ ᠴᠠᠭᠠᠨ ᠃
ᠴᠠᠰᠤ ᠵᠣᠭᠰᠣᠪᠠᠤ ? ᠭᠡᠵᠦ ᠲᠩᠷᠢ ᠶ᠋ᠢ ᠬᠠᠷᠠᠪᠠᠯ ᠄
ᠡᠭᠦᠯᠡ ᠂ ᠰᠠᠷᠠᠨ ᠂ ᠡᠭᠦᠯᠡ ᠃
ᠭᠡᠷ ᠦ᠋ᠨ ᠲᠣᠭᠣᠨᠣ ᠪᠠᠷ ᠦᠰᠦᠷᠦᠭᠰᠡᠨ ᠭᠠᠯ ᠤ᠋ᠨ ᠣᠴᠢ ᠶᠠᠮᠠᠷ ᠨᠢᠭᠡᠨ ᠴᠡᠴᠡᠭᠲᠦ ᠫᠤᠤᠵᠢᠩ ᠰᠢᠭ᠋ ᠵᠠᠳᠠᠷᠠᠨ ᠰᠠᠷᠨᠢᠨ᠎ᠠ ᠃ ᠬᠤᠷᠳᠤᠨ ᠬᠦᠯᠦᠭ ᠤᠶᠠᠭᠠᠨ ᠳᠡᠭᠡᠷ᠎ᠡ ᠪᠡᠨ ᠲᠣᠭᠲᠠᠵᠤ ᠶᠠᠳᠠᠨ ᠂ ᠳᠡᠪᠬᠡᠷᠦᠨ ᠦᠦᠷᠰᠡᠨ᠎ᠡ ᠃ ᠠᠪᠠ ᠶ᠋ᠢᠨ ᠨᠣᠬᠠᠢ ᠬᠠᠰᠢᠶᠠᠨ ᠡᠩᠭᠡᠷ ᠢ᠋ᠶ᠋ᠡᠨ ᠬᠡᠪᠲᠡᠵᠦ ᠶᠠᠳᠠᠨ ᠂ ᠬᠥᠭᠵᠢᠯᠳᠦᠨ ᠭᠦᠶᠦᠯᠳᠦᠨ᠎ᠡ ᠃ ᠬᠠᠰᠢᠷ ᠠᠩᠴᠢᠨ ᠪᠦᠰᠡ ᠲᠠᠢᠯᠤᠯ ᠦᠭᠡᠢ ᠰᠠᠷᠬᠤᠳ ᠪᠠᠯᠭᠤᠵᠤ ᠦᠷ ᠦ᠋ᠨ ᠴᠣᠯᠮᠣᠨ ᠢ᠋ ᠬᠦᠯᠢᠶᠡᠨ᠎ᠡ ᠃ ᠨᠡᠭᠦᠳᠡᠯ ᠦ᠋ᠨ ᠠᠩᠴᠢᠳ ᠪᠠᠢᠨ ᠪᠠᠢᠨ ᠤᠷᠲᠤ ᠶ᠋ᠢᠨ ᠳᠠᠭᠤᠤ ᠶ᠋ᠢ ᠬᠠᠩᠭᠢᠨᠠᠭᠤᠯᠬᠤ ᠳ᠋ᠤ᠌ ᠮᠣᠳᠣᠨ ᠰᠠᠯᠠᠭᠠᠨ ᠳᠡᠭᠡᠷᠡᠬᠢ ᠴᠠᠰᠤᠨ ᠴᠡᠴᠡᠭ ᠦ᠋ᠨ ᠬᠡᠯᠲᠡᠰ ᠠᠶᠠᠷ ᠠᠶᠠᠷ ᠳᠣᠷᠣᠭᠰᠢ ᠤᠨᠠᠨ᠎ᠠ ᠃
ᠭᠡᠭᠡ ᠣᠷᠣᠪᠠᠤ? ᠭᠡᠵᠦ ᠠᠯᠤᠰ ᠢ᠋ ᠪᠠᠷᠠᠯᠠᠪᠠᠯ ᠄
ᠲᠠᠯ᠎ᠠ ᠂ ᠠᠭᠤᠯᠠ ᠂ ᠲᠠᠯ᠎ᠠ ᠃
ᠥᠷᠯᠥᠭᠡ ᠪᠣᠯᠬᠤ ᠳ᠋ᠤ᠌ ᠮᠣᠷᠢᠨ ᠬᠠᠵᠠᠭᠠᠷ ᠤ᠋ᠨ ᠴᠢᠮᠡᠭᠡ ᠂ ᠨᠣᠬᠠᠢ ᠶ᠋ᠢᠨ ᠭᠢᠨᠵᠢᠨ ᠦ᠌ ᠳᠠᠭᠤᠨ ᠨᠢᠭᠡᠨᠲᠡ ᠵᠠᠮᠬᠠᠷᠠᠭᠠᠳ ᠭᠠᠭᠴᠠᠬᠦ ᠠᠢᠯ ᠤ᠋ᠨ ᠭᠡᠷ ᠦ᠋ᠨ ᠲᠣᠭᠣᠨᠣ ᠪᠠᠷ ᠰᠤᠭᠤᠨᠠᠭᠯᠠᠭᠰᠠᠨ ᠰᠢᠩᠭᠡᠨ ᠴᠡᠩᠬᠡᠷ ᠤᠲᠤᠭ᠎ᠠ ᠥᠯᠵᠡᠢ ᠵᠠᠩᠭᠢᠶ᠎ᠠ ᠵᠠᠩᠭᠢᠳᠴᠤ ᠠᠩᠴᠢᠳ ᠤ᠋ᠨ ᠢ᠋ᠶ᠋ᠠᠨ ᠭᠠᠨᠵᠤᠭ᠎ᠠ ᠰᠠᠢᠲᠠᠢ ᠢᠷᠡᠬᠦ ᠶ᠋ᠢ ᠵᠥᠩᠨᠡᠨ ᠪᠡᠯᠡᠭᠯᠡᠨ᠎ᠡ ᠃
ᠠᠩᠴᠢᠳ ᠬᠠᠮᠢᠭᠠᠰᠢ ᠭᠠᠷᠤᠭᠰᠠᠨ ᠶᠤᠮ ᠪᠣᠯ ? ᠭᠡᠵᠦ ᠲᠠᠯ᠎ᠠ ᠶ᠋ᠢ ᠠᠵᠢᠪᠠᠯ ᠄
ᠴᠠᠰᠤ ᠂ ᠮᠥᠷ ᠂ ᠴᠠᠰᠤ ᠃
ᠮᠥᠩᠭᠥᠨ ᠳᠡᠯᠡᠬᠡᠢ ᠶ᠋ᠢᠨ ᠡᠵᠡᠳ
ᠭᠠᠯ ᠤᠯᠠᠭᠠᠨ ᠨᠠᠷᠠᠨ᠂ ᠴᠤᠯᠤ ᠴᠠᠭᠠᠨ ᠳᠡᠯᠡᠬᠡᠢ ᠃
ᠴᠢᠳᠬᠤᠭᠰᠠᠨ ᠮᠥᠩᠭᠥᠨ ᠰᠤᠪᠤᠷᠭ᠎ᠠ ᠰᠢᠭ᠋ ᠱᠣᠪᠬᠣ ᠣᠷᠭᠢᠯ ᠨᠠᠷᠠᠨ ᠤ᠋ ᠲᠤᠶᠠᠭᠠᠨ ᠳ᠋ᠤ᠌ ᠬᠤᠷᠴᠠ ᠭᠡᠷᠡᠯ ᠰᠠᠴᠤᠷᠠᠭᠤᠯᠤᠨ᠎ᠠ ᠃
ᠵᠣᠷᠢᠭᠲᠤ ᠪᠦᠷᠭᠦᠳ ᠱᠣᠪᠬᠣ ᠣᠷᠭᠢᠯ ᠳᠡᠭᠡᠭᠦᠷ ᠬᠠᠯᠢᠨ ᠳᠡᠭᠦᠯᠢᠨ᠎ᠡ ᠃ ᠵᠣᠷᠢᠭᠲᠤ ᠪᠦᠷᠭᠦᠳ ᠠ᠋ ! ᠮᠥᠩᠭᠥᠨ ᠳᠡᠯᠡᠬᠡᠢ ᠶ᠋ᠢᠨ ᠡᠵᠡᠨ ᠨᠢ ᠴᠢ ᠶᠦ᠍ᠮ ᠦᠦ ? ᠭᠠᠯ ᠤᠯᠠᠭᠠᠨ ᠨᠠᠷᠠ ᠂ ᠴᠤᠯᠤ ᠴᠠᠭᠠᠨ ᠳᠡᠯᠡᠬᠡᠢ ᠃ ᠠᠷᠴᠢᠭᠰᠠᠨ ᠬᠠᠰ ᠲᠣᠯᠢ ᠰᠢᠭ᠋ ᠲᠥᠭᠥᠷᠢᠭ ᠨᠠᠭᠤᠷ ᠨᠠᠷᠠᠨ ᠤ᠋ ᠢᠯᠴᠢᠨ ᠳ᠋ᠦ᠍ ᠥᠳᠬᠡᠨ ᠴᠠᠩ ᠪᠠᠭᠠᠭᠢᠭᠤᠯᠤᠨᠠ ᠃ ᠬᠤᠷᠳᠤᠨ ᠵᠡᠭᠡᠷ᠎ᠡ ᠨᠠᠭᠤᠷ ᠤ᠋ᠨ ᠬᠥᠪᠡᠭᠡ ᠪᠡᠷ ᠨᠠᠳᠬᠤᠨ ᠭᠦᠶᠦᠯᠳᠦᠨ᠎ᠡ ᠃ ᠬᠤᠷᠳᠤᠨ ᠵᠡᠭᠡᠷ᠎ᠡ ᠠ᠋ !ᠮᠥᠩᠭᠥᠨ ᠳᠡᠯᠡᠬᠡᠢ ᠶ᠋ᠢᠨ ᠡᠵᠡᠨ ᠨᠢ ᠴᠢ ᠶᠦ᠍ᠮ ᠦᠦ ? ᠭᠠᠯ ᠤᠯᠠᠭᠠᠨ ᠨᠠᠷᠠ ᠂ ᠴᠤᠯᠤ ᠴᠠᠭᠠᠨ ᠳᠡᠯᠡᠬᠡᠢ ᠃ ᠰᠤᠪᠤᠭᠤᠯᠤᠭᠰᠠᠨ ᠰᠢᠯ ᠦ᠋ᠨ ᠤᠲᠠᠰᠤ ᠰᠢᠭ᠋ ᠴᠤᠪᠤᠭ᠎ᠠ ᠵᠠᠮ ᠪᠡᠯᠴᠢᠭᠡᠷ ᠦ᠋ᠨ ᠳᠤᠮᠳᠠ ᠲᠣᠣᠷᠯᠠᠨ ᠰᠦᠯᠵᠢᠨ᠎ᠡ ᠃ᠠᠯᠢᠶ᠎ᠠ ᠲᠠᠤᠯᠠᠢ ᠵᠠᠮ ᠳᠡᠭᠡᠭᠦᠷ ᠪᠦᠭᠭᠦᠨ ᠨᠠᠭᠠᠳᠤᠨ᠎ᠠ ᠃
ᠠᠯᠢᠶ᠎ᠠ ᠲᠠᠤᠯᠠᠢ ᠠ᠋ !ᠮᠥᠩᠭᠥᠨ ᠳᠡᠯᠡᠬᠡᠢ ᠶ᠋ᠢᠨ ᠡᠵᠡᠨ ᠨᠢ ᠴᠢ ᠶᠦ᠍ᠮ ᠦᠦ ?
ᠭᠠᠯ ᠤᠯᠠᠭᠠᠨ ᠴᠢᠷᠠᠢ ᠂ ᠴᠤᠯᠤ ᠴᠠᠭᠠᠨ ᠰᠠᠬᠠᠯ ᠃
ᠡᠪᠦᠭᠡᠨ ᠠᠩᠴᠢᠨ ᠵᠠᠯᠠᠭᠤᠴᠤᠳ ᠢ᠋ᠶ᠋ᠠᠨ ᠳᠠᠭᠠᠭᠤᠯᠵᠤ ᠭᠠᠨᠵᠤᠭ᠎ᠠ ᠰᠠᠢᠲᠠᠢ ᠪᠠᠷ ᠳᠤᠭᠤᠢᠯᠠᠩ ᠵᠦᠭ ᠢ᠋ᠶ᠋ᠡᠨ ᠪᠤᠴᠠᠨ᠎ᠠ ᠃ᠬᠦᠯᠦᠭ ᠦ᠋ᠨ ᠲᠤᠭᠤᠷᠠᠢ ᠨᠢ ᠮᠥᠩᠭᠥᠨ ᠳᠠᠪᠠᠯᠭᠠᠨ ᠢ᠋ ᠪᠣᠰᠬᠠᠬᠤ ᠳ᠋ᠤ᠌ ᠭᠠᠵᠠᠷ ᠳᠡᠯᠡᠬᠡᠢ ᠳᠠᠢᠪᠠᠯᠵᠠᠨ ᠬᠥᠳᠡᠯᠦᠨ᠎ᠡ ᠃ ᠡᠨᠡ ᠦᠶ᠎ᠡ ᠳ᠋ᠦ᠍ ᠵᠣᠷᠢᠭᠲᠤ ᠪᠦᠷᠭᠦᠳ ᠬᠠᠳᠠᠨ᠎ᠠ ᠨᠢᠭᠤᠪᠠ ᠃ ᠬᠤᠷᠳᠤᠨ ᠵᠡᠭᠡᠷ᠎ᠡ ᠪᠤᠲᠠᠨᠠ ᠳᠠᠯᠳᠠᠯᠠᠪᠠ ᠃ ᠠᠯᠢᠶ᠎ᠠ ᠲᠠᠤᠯᠠᠢ ᠡᠪᠡᠰᠦᠨ᠎ᠡ ᠰᠢᠷᠭᠤᠪᠠ ᠃
ᠠ ! ᠮᠥᠩᠭᠥᠨ ᠳᠡᠯᠡᠬᠡᠢ ᠶ᠋ᠢᠨ ᠵᠢᠩᠬᠢᠨᠢ ᠡᠵᠡᠳ ᠠᠢᠰᠤᠢ ᠃
ᠨᠠᠷᠠᠰᠤ ᠴᠡᠴᠡᠭ ᠬᠣᠶᠠᠷ
ᠤᠯᠠᠭᠠᠨ ᠲᠤᠶᠠᠭᠠᠨ ᠤ᠋ ᠳᠣᠭᠤᠤᠷ ᠬᠣᠣᠰ ᠰᠢᠪᠠᠭᠤ ᠵᠡᠷᠭᠡᠴᠡᠨ ᠨᠢᠰᠦᠨ᠎ᠡ ᠃
ᠪᠣᠷᠣ ᠬᠠᠳᠠᠨ ᠳᠡᠭᠡᠭᠦᠷ ᠤᠭᠠᠯᠵᠠ ᠠᠷᠭᠠᠯᠢ ᠴᠤᠪᠤᠷᠠᠨ ᠭᠦᠶᠦᠯᠳᠦᠨ᠎ᠡ ᠃
ᠮᠥᠩᠭᠥᠨ ᠲᠠᠯ᠎ᠠ ᠶ᠋ᠢᠨ ᠳᠤᠮᠳᠠᠭᠤᠷ ᠵᠦᠢᠷᠡᠢ ᠵᠠᠯᠠᠭᠤ ᠬᠠᠮᠲᠤ ᠶᠠᠪᠤᠨ᠎ᠠ ᠃ ᠡᠮᠡᠭᠲᠡᠢ ᠨᠢ ᠰᠠᠭᠤᠯᠠᠭᠠᠲᠠᠢ ᠤᠰᠤ ᠳᠡᠭᠦᠵᠢᠯᠡᠵᠦ ᠡᠷᠡᠭᠲᠡᠢ ᠨᠢ ᠠᠪᠠ ᠶ᠋ᠢᠨ ᠮᠣᠷᠢ ᠬᠥᠲᠥᠯᠵᠡᠢ ᠃
ᠰᠠᠭᠤᠯᠭᠠᠨ ᠳᠣᠲᠣᠷ᠎ᠠ ᠠᠴᠠ ᠪᠣᠯᠣᠷ ᠪᠥᠮᠪᠥᠭᠡ ᠴᠠᠯᠭᠢᠯᠠᠨ ᠦᠰᠦᠷᠦᠨ᠎ᠡ ᠃ ᠭᠡᠲᠡᠯ᠎ᠡ ᠬᠡᠦᠬᠡᠨ ᠦ᠌ ᠴᠡᠭᠡᠵᠢᠨ ᠡᠴᠡ ᠬᠠᠢᠷ᠎ᠠ ᠶ᠋ᠢᠨ ᠣᠴᠢ ᠬᠡᠴᠢᠨᠡᠨ ᠦᠰᠦᠷᠴᠦ ᠪᠠᠢᠬᠤ ᠶ᠋ᠢ ᠬᠡᠷᠬᠢᠨ ᠮᠡᠳᠡᠨ᠎ᠡ ᠃
ᠴᠠᠰᠤᠨ ᠤ᠋ ᠳᠣᠲᠣᠷ᠎ᠠ ᠬᠥᠯ ᠦ᠋ᠨ ᠮᠥᠷ ᠬᠠᠷᠠᠯᠠᠨ ᠦᠯᠡᠳᠡᠨ᠎ᠡ ᠃ ᠭᠡᠲᠡᠯ᠎ᠡ ᠵᠠᠯᠠᠭᠤ ᠶ᠋ᠢᠨ ᠨᠢᠳᠦᠨ ᠳ᠋ᠦ᠍ ᠢᠨᠠᠭ ᠤ᠋ᠨ ᠵᠢᠷᠤᠭ ᠬᠡᠪᠯᠡᠭᠳᠡᠵᠦ ᠪᠠᠢᠬᠤ ᠶ᠋ᠢ ᠶᠠᠭᠠᠬᠢᠨ ᠣᠢᠯᠠᠭᠠᠨ᠎ᠠ ᠃
ᠴᠠᠭᠠᠨ ᠳᠡᠯᠡᠬᠡᠢ ᠂ ᠤᠯᠠᠭᠠᠨ ᠠᠯᠴᠢᠭᠤᠷ — ᠴᠠᠰᠤᠨ ᠳ᠋ᠤ᠌ ᠳᠡᠯᠭᠡᠷᠡᠭᠰᠡᠨ ᠴᠡᠴᠡᠭ ᠮᠡᠲᠦ!
ᠴᠠᠭᠠᠨ ᠳᠡᠯᠡᠬᠡᠢ ᠂ ᠬᠥᠬᠡ ᠳᠡᠪᠡᠯ ᠴᠠᠰᠤᠨ ᠳ᠋ᠤ᠌ ᠤᠷᠭᠤᠭᠰᠠᠨ ᠨᠠᠷᠠᠰᠤ ᠠᠳᠠᠯᠢ!
ᠲᠢᠶᠠᠨ ᠠᠨ ᠮᠧᠨ ᠦ᠌ ᠤᠯᠠᠭᠠᠨ ᠭᠡᠷᠡᠯ ᠬᠡᠯᠲᠡᠰ ᠳᠡᠭᠡᠷ᠎ᠡ ᠨᠢ ᠲᠣᠰᠴᠤ ᠪᠠᠢᠬᠤ ᠪᠣᠯᠬᠣᠷ ᠮᠠᠨ ᠤ᠋ ᠴᠡᠴᠡᠭ ᠡᠪᠦᠯ ᠪᠣᠯᠤᠭᠰᠠᠨ ᠴᠤ᠌ ᠤᠪ ᠤᠯᠠᠭᠠᠨ ᠃
ᠵᠦᠩ ᠨᠠᠨ ᠬᠠᠢ ᠶ᠋ᠢᠨ ᠨᠣᠮᠢᠨ ᠤᠷᠤᠰᠬᠠᠯ ᠦᠨᠳᠦᠰᠦ ᠤᠷᠤᠭᠤ ᠨᠢ ᠰᠢᠮᠡᠳᠴᠦ ᠪᠠᠢᠬᠤ ᠪᠣᠯᠬᠣᠷ ᠮᠠᠨ ᠤ᠋ ᠨᠠᠷᠠᠰᠤ ᠬᠦᠢᠲᠡᠨ ᠪᠣᠯᠤᠭᠰᠠᠨ ᠴᠤ᠌ ᠬᠥᠪ ᠬᠥᠬᠡ ᠃
ᠬᠣᠶᠠᠷ ᠰᠢᠪᠠᠭᠤ ᠬᠠᠮᠢᠭᠠᠰᠢ ᠪᠠᠨ ᠨᠢᠰᠴᠡᠪᠡ?
ᠵᠦᠢᠷᠡᠢ ᠭᠥᠷᠥᠭᠡᠰᠦ ᠶᠠᠭᠤᠨ ᠳ᠋ᠠᠭᠠᠨ ᠨᠢᠭᠤᠴᠢᠪᠠ?
ᠮᠠᠨ ᠤ᠋ ᠨᠠᠷᠠᠰᠤ ᠴᠡᠴᠡᠭ ᠬᠣᠶᠠᠷ ᠲᠠᠯ᠎ᠠ ᠶ᠋ᠢᠨ ᠳᠤᠮᠳᠠ ᠡᠪᠦᠯᠵᠢᠨ ᠵᠤᠨᠵᠢᠨ ᠦᠰᠦᠨ ᠪᠣᠢᠵᠢᠵᠤ ᠂ ᠦᠷᠡᠯᠡᠨ ᠳᠡᠯᠭᠡᠷᠡᠨ᠎ᠡ ᠃
1962 . 1
ᠵᠢᠷᠦᠬᠡᠨ ᠦ᠌ ᠰᠤᠳᠠᠰᠤ
ᠬᠤᠷᠠᠭᠰᠠᠨ ᠴᠠᠰᠤᠨ ᠤ᠋ ᠵᠠᠷᠢᠮ ᠨᠢ ᠳᠡᠭᠡᠭᠰᠢ ᠳᠡᠭᠳᠡᠵᠦ ᠂ ᠨᠡᠭᠦᠳᠡᠯ ᠴᠠᠭᠠᠨ ᠡᠭᠦᠯᠡᠨ ᠳ᠋ᠦ᠍ ᠰᠢᠷᠭᠤᠪᠠ ᠃ ᠵᠠᠷᠢᠮ ᠨᠢ ᠳᠣᠷᠣᠭᠰᠢ ᠰᠢᠩᠭᠡᠵᠦ ᠂ ᠢᠨᠢᠶᠡᠯᠳᠦ ᠬᠠᠷ᠎ᠠ ᠰᠢᠷᠣᠢ ᠳ᠋ᠤ᠌ ᠰᠢᠷᠭᠢᠪᠡ ᠃ ᠵᠠᠷᠢᠮ ᠨᠢ ᠭᠣᠣᠯ ᠭᠣᠷᠣᠬᠠᠨ ᠳ᠋ᠤ᠌ ᠠᠢᠯᠴᠢᠯᠠᠨ ᠣᠴᠢᠪᠠ ᠃ ᠵᠠᠷᠢᠮ ᠨᠢ ᠰᠠᠯᠠᠭ᠎ᠠ ᠮᠥᠴᠢᠷ ᠲᠦ᠍ ᠰᠢᠮᠡᠳᠦᠨ ᠭᠦᠶᠦᠪᠡ ᠃ ᠢᠩᠭᠢᠭᠰᠡᠨ ᠡᠴᠡ ᠡᠭᠦᠯᠡᠨ ᠦ᠌ ᠳᠣᠲᠣᠷ᠎ᠠ ᠯᠤᠤ ᠰᠡᠭᠦᠯ ᠢ᠋ᠶ᠋ᠡᠨ ᠰᠢᠷᠪᠠᠵᠤ᠂ ᠬᠥᠷᠥᠰᠥᠨ ᠦ᠌ ᠳᠣᠲᠣᠷ᠎ᠠ ᠦᠨᠳᠦᠰᠦ ᠰᠠᠬᠠᠯ ᠢ᠋ᠶ᠋ᠠᠨ ᠬᠥᠳᠡᠯᠭᠡᠨ ᠂ ᠭᠣᠣᠯ ᠭᠣᠷᠣᠬ᠎ᠠ ᠳᠠᠭᠤ ᠬᠣᠭᠣᠯᠠᠢ ᠪᠠᠨ ᠵᠠᠰᠠᠵᠤ ᠂ ᠰᠠᠯᠠᠭ᠎ᠠ ᠮᠥᠴᠢᠷ ᠦᠶ᠎ᠡ ᠭᠡᠰᠢᠭᠦᠦ ᠪᠡᠨ ᠳᠡᠨᠡᠢᠯᠭᠡᠨᠡ ᠃
ᠡᠨᠡ ᠬᠠᠪᠤᠷ ᠮᠠᠨ ᠤ᠋ ᠨᠤᠲᠤᠭ ᠠ᠋ᠴᠠ ᠪᠡᠭᠡᠵᠢᠩ ᠳ᠋ᠦ᠍ ᠲᠡᠮᠦᠷ ᠵᠠᠮ ᠨᠠᠪᠲᠠᠷᠠᠯᠠ ᠃
ᠪᠢᠳᠡ ᠡᠨᠡ ᠲᠡᠮᠦᠷ ᠵᠠᠮ ᠢ᠋ ᠪᠣᠯᠣᠳ ᠭᠠᠷ ᠭᠡᠵᠦ ᠪᠣᠯᠬᠤ ᠦᠭᠡᠢ ᠦᠦ ?ᠠᠷᠤ ᠭᠠᠵᠠᠷ ᠤ᠋ᠨ ᠮᠠᠯᠴᠢᠳ ᠡᠨᠡ ᠲᠣᠮᠣ ᠭᠠᠷ ᠢ᠋ᠶ᠋ᠠᠷ ᠢ᠋ᠶ᠋ᠠᠨ ᠲᠢᠶᠠᠨ ᠠᠨ ᠮᠧᠨ ᠦ᠌ ᠡᠮᠦᠨ᠎ᠡ ᠰᠦ᠍ ᠶ᠋ᠢᠨ ᠳᠡᠭᠡᠵᠢ ᠪᠡᠨ ᠡᠷᠭᠦᠨ᠎ᠡ ᠃
ᠪᠢᠳᠡ ᠡᠭᠦᠨ ᠢ᠋ ᠵᠢᠷᠦᠬᠡᠨ ᠦ᠌ ᠰᠤᠳᠠᠰᠤ ᠭᠡᠵᠦ ᠪᠣᠯᠬᠤ ᠦᠭᠡᠢ ᠦᠦ? ᠡᠨᠡ ᠰᠤᠳᠠᠰᠤ ᠮᠣᠩᠭᠣᠯᠴᠤᠳ ᠤ᠋ᠨ ᠵᠢᠷᠦᠬᠡᠨ ᠦ᠌ ᠯᠤᠭᠰᠢᠯᠲᠠ ᠶ᠋ᠢ ᠬᠤᠸᠠᠢ ᠿᠧᠨ ᠳᠠᠩ ᠤ᠋ᠨ ᠵᠦᠩ ᠦ᠋ᠨ ᠴᠣᠬᠢᠯᠭ᠎ᠠ ᠲᠠᠢ ᠬᠣᠯᠪᠣᠨ᠎ᠠ ᠃ 18 —20 ᠪᠢᠳᠡ ᠡᠭᠦᠨ ᠢ᠋ ᠴᠣᠭᠣᠷ ᠤ᠋ᠨ ᠤᠲᠠᠰᠤ ᠭᠡᠵᠦ ᠪᠣᠯᠬᠤ ᠦᠭᠡᠢ ᠦᠦ ? ᠡᠨᠡ ᠤᠲᠠᠰᠤ ᠲᠠᠯ᠎ᠠ ᠶ᠋ᠢᠨ ᠢᠷᠠᠭᠤ ᠡᠬᠡᠰᠢᠭ ᠢ᠋ ᠲᠠᠰᠤᠷᠠᠯ ᠦᠭᠡᠢ ᠪᠡᠷ ᠪᠧᠢ ᠬᠠᠢ ᠴᠡᠴᠡᠷᠯᠢᠭ ᠲᠦ᠍ ᠬᠦᠷᠭᠡᠨ ᠬᠠᠩᠭᠢᠨᠠᠭᠤᠯᠤᠨ᠎ᠠ ᠃
ᠪᠢᠳᠡ ᠡᠭᠦᠨ ᠢ᠋ ᠮᠥᠷᠥᠭᠡᠳᠦᠯ ᠦ᠋ᠨ ᠰᠣᠯᠣᠩᠭ᠎ᠠ ᠭᠡᠵᠦ ᠪᠣᠯᠬᠤ ᠦᠭᠡᠢ ᠦᠦ ? ᠡᠨᠡ ᠰᠣᠯᠣᠩᠭ᠎ᠠ ᠪᠡᠭᠡᠵᠢᠩ ᠳ᠋ᠦ᠍ ᠳᠡᠯᠭᠡᠷᠡᠭᠰᠡᠨ ᠪᠡᠯᠭᠡᠲᠦ ᠴᠡᠴᠡᠭ ᠦ᠋ᠨ ᠡᠷᠬᠡᠰ ᠢ᠋ ᠬᠥᠳᠡᠭᠡ ᠲᠠᠯ᠎ᠠ ᠳ᠋ᠤ᠌ ᠠᠪᠴᠢᠷᠠᠵᠤ ᠰᠠᠴᠤᠨ᠎ᠠ ᠃ 1962.1
ᠲᠣᠯᠢ
ᠤᠰᠤᠨ ᠴᠥᠭᠥᠷᠥᠮ ᠂ ᠬᠥᠳᠡᠯᠮᠦᠷᠢ ᠶ᠋ᠢᠨ ᠬᠥᠯᠥᠰᠥᠨ ᠳᠤᠰᠤᠯ ᠢ᠋ᠶ᠋ᠠᠷ ᠷᠠᠰᠢᠶᠠᠨ ᠤ᠋ ᠠᠯᠲᠠᠨ ᠬᠣᠮᠠᠬᠠ ᠃ ᠥᠷᠯᠥᠭᠡ᠂ ᠵᠥᠭᠡᠯᠡᠨ ᠰᠠᠯᠬᠢᠨ ᠢᠯᠪᠢᠬᠦ ᠳ᠋ᠦ᠍ ᠴᠥᠬᠥᠷᠡᠮ ᠦ᠋ᠨ ᠤᠰᠤ ᠬᠤᠨᠢᠶᠠᠰᠤᠷᠠᠨ ᠢᠷᠠᠭᠤ ᠰᠠᠢᠬᠠᠨ ᠤᠷᠲᠤ ᠶ᠋ᠢᠨ ᠳᠠᠭᠤᠤ ᠶ᠋ᠢᠨ ᠠᠶᠠᠯᠭᠤ ᠴᠤᠤᠷᠢᠶᠠᠳᠠᠨᠠ ᠃ ᠳᠠᠭᠤᠤ ᠶ᠋ᠢᠨ ᠨᠢᠭᠡᠨ ᠳᠣᠯᠭᠢᠶᠠᠨ ᠢ᠋ᠶ᠋ᠠᠷ ᠤᠰᠤᠨ ᠤ᠋ ᠨᠢᠭᠡᠨ ᠬᠤᠨᠢᠶᠠᠰᠤ ᠃ ᠤᠰᠤᠨ ᠤ᠋ ᠨᠢᠭᠡᠨ ᠬᠤᠨᠢᠶᠠᠰᠤ ᠪᠠᠷ ᠳᠠᠭᠤᠤ ᠶ᠋ᠢᠨ ᠨᠢᠭᠡᠨ ᠳᠣᠯᠭᠢᠶᠠᠨ ᠃ ᠦᠳᠡ ᠳ᠋ᠦ᠍ ᠂ ᠠᠯᠲᠠᠨ ᠨᠠᠷᠠᠨ ᠳᠡᠭᠡᠷ᠎ᠡ ᠮᠠᠨᠳᠤᠵᠤ ᠭᠦᠨ ᠴᠡᠯᠮᠡᠭ ᠣᠭᠲᠠᠷᠭᠤᠢ ᠳ᠋ᠤ᠌ ᠴᠠᠭᠠᠨ ᠡᠭᠦᠯᠡ ᠠᠶᠠᠷ ᠨᠢᠰᠦᠨ ᠂ ᠲᠥᠭᠥᠷᠢᠭ ᠨᠣᠮᠣᠬᠠᠨ ᠴᠥᠬᠥᠷᠡᠮ ᠳ᠋ᠦ᠍ ᠳᠠᠷᠪᠠᠭᠤᠯᠲᠤ ᠣᠩᠭᠣᠴᠠ ᠨᠣᠵᠣᠭᠠᠨ ᠨᠡᠭᠦᠨ᠎ᠡ ᠃ ᠨᠢᠭᠡᠨ ᠪᠥᠭᠡᠮ ᠡᠭᠦᠯᠡᠨ ᠦ᠌ ᠳᠣᠣᠷ᠎ᠠ ᠨᠢᠭᠡᠨ ᠳᠠᠷᠪᠠᠭᠤᠯᠲᠤ ᠣᠩᠭᠣᠴᠠ ᠃ ᠨᠢᠭᠡᠨ ᠳᠠᠷᠪᠠᠭᠤᠯᠲᠤ ᠣᠩᠭᠣᠴᠠᠨ ᠤ᠋ ᠳᠣᠣᠷ᠎ᠠ ᠨᠢᠭᠡᠨ ᠪᠥᠭᠡᠮ ᠡᠭᠦᠯᠡ ᠃ ᠦᠳᠡᠰᠢ ᠨᠠᠮ ᠵᠢᠮ ᠣᠭᠲᠠᠷᠭᠤᠢ ᠶ᠋ᠢᠨ ᠲᠦᠮᠡᠨ ᠣᠳᠣᠨ ᠣᠰᠤᠨ᠎ᠠ ᠱᠠᠭᠠᠢᠵᠤ ᠰᠡᠯᠢᠭᠦᠨ ᠵᠡᠯᠢᠭᠦᠨ ᠴᠥᠬᠥᠷᠡᠮ ᠦ᠋ᠨ ᠮᠢᠩᠭᠠᠨ ᠵᠢᠭᠠᠰᠤ ᠲᠣᠯᠣᠭᠠᠢ ᠪᠠᠨ ᠪᠤᠯᠲᠠᠢᠯᠭᠠᠨ ᠣᠭᠲᠠᠷᠭᠤᠢ ᠶ᠋ᠢ ᠪᠠᠢᠨ ᠪᠠᠢᠨ ᠪᠠᠷᠠᠯᠠᠨ᠎ᠠ ᠃ ᠨᠢᠭᠡᠨ ᠣᠳᠣᠨ ᠤ᠋ ᠳᠣᠣᠷ᠎ᠠ ᠨᠢᠭᠡᠨ ᠵᠢᠭᠠᠰᠤ ᠢᠷᠠᠭᠠᠯᠠᠵᠤ ᠨᠢᠭᠡᠨ ᠵᠢᠭᠠᠰᠤᠨ ᠤ᠋ ᠳᠣᠣᠷ᠎ᠠ ᠨᠢᠭᠡᠨ ᠣᠳᠣᠨ ᠭᠢᠯᠠᠯᠵᠠᠨ᠎ᠠ ᠃ ᠬᠠᠪᠤᠷ ᠂ ᠴᠥᠬᠥᠷᠡᠮ ᠦ᠋ᠨ ᠡᠷᠭᠢᠨ ᠲᠣᠭᠣᠷᠢᠨ ᠤ᠋ ᠠᠭᠤᠯᠠ ᠲᠠᠯ᠎ᠠ ᠨᠣᠭᠣᠭᠠᠨ ᠢ᠋ᠶ᠋ᠠᠷ ᠪᠢᠯᠬᠠᠵᠤ ᠤᠨᠢᠶᠠᠷᠲᠤᠨ ᠤᠷᠢᠬᠠᠨ ᠨᠣᠭᠣᠭᠠᠨ ᠰᠠᠯᠬᠢ ᠰᠠᠯᠬᠢᠯᠠᠬᠤᠶᠠ ᠂ ᠴᠥᠬᠥᠷᠡᠮ ᠦ᠋ᠨ ᠤᠰᠤᠨ ᠤ᠋ ᠥᠩᠭᠡ ᠴᠦ᠍ ᠨᠣᠮᠢᠨ ᠨᠣᠭᠣᠭᠠᠨ ᠪᠣᠯᠤᠨ ᠬᠤᠪᠢᠷᠠᠭᠠᠳ ᠮᠠᠯᠴᠢᠳ ᠤ᠋ᠨ ᠰᠢᠨ᠎ᠡ ᠠᠮᠢᠳᠤᠷᠠᠯ ᠤ᠋ᠨ ᠮᠥᠩᠬᠡ ᠶ᠋ᠢᠨ ᠬᠠᠪᠤᠷ ᠢ᠋ ᠰᠡᠳᠬᠢᠭᠳᠡᠭᠦᠯᠦᠨᠡ ᠃ ᠵᠤᠨ ᠂ ᠴᠥᠬᠥᠷᠡᠮ ᠦ᠋ᠨ ᠡᠷᠭᠢ ᠢᠷᠮᠡᠭ ᠢ᠋ᠶ᠋ᠡᠷ ᠬᠡᠭᠡᠷ᠎ᠡ ᠶ᠋ᠢᠨ ᠤᠯᠠᠭᠠᠨ ᠴᠡᠴᠡᠭ ᠳᠡᠯᠭᠡᠷᠡᠵᠦ ᠤᠯᠠᠭᠠᠨ ᠢ᠋ᠶ᠋ᠠᠷ ᠤᠨᠢᠶᠠᠷᠲᠤᠨ ᠤᠯᠠᠭᠠᠨ ᠢ᠋ᠶ᠋ᠠᠷ ᠰᠣᠯᠣᠩᠭᠠᠷᠠᠬᠤᠶᠠ ᠴᠥᠬᠥᠷᠡᠮ ᠦ᠋ᠨ ᠤᠰᠤᠨ ᠤ᠋ ᠥᠩᠭᠡ ᠴᠦ᠍ ᠮᠠᠨᠤᠬᠤ ᠶ᠋ᠢᠨ ᠤᠯᠠᠭᠠᠨ ᠪᠣᠯᠤᠨ ᠬᠤᠪᠢᠷᠠᠭᠠᠳ ᠭᠠᠩ ᠭᠠᠴᠢᠭ ᠢ᠋ ᠢᠯᠠᠭᠴᠢ ᠠᠬᠢᠯᠲᠠ ᠶ᠋ᠢᠨ ᠤᠯᠠᠭᠠᠨ ᠲᠤᠭ ᠢ᠋ ᠪᠣᠳᠣᠭᠳᠠᠭᠤᠯᠤᠨ᠎ᠠ ᠃ ᠨᠠᠮᠤᠷ ᠂ ᠴᠥᠬᠥᠷᠡᠮ ᠢ᠋ ᠲᠣᠭᠣᠷᠢᠨ ᠤᠷᠭᠤᠭᠰᠠᠨ ᠤᠳᠠ ᠤᠯᠢᠶᠠᠰᠤ ᠪᠣᠯᠪᠠᠰᠤᠷᠠᠨ ᠰᠢᠷᠠᠯᠠᠵᠤ ᠠᠯᠲᠠᠨ ᠨᠠᠪᠴᠢ ᠬᠤᠢᠯᠠᠷᠠᠨ ᠡᠷᠭᠢᠯᠳᠦᠬᠦᠶᠡ ᠴᠥᠬᠥᠷᠡᠮ ᠦ᠋ᠨ ᠤᠰᠤᠨ ᠤ᠋ ᠥᠩᠭᠡ ᠴᠦ᠍ ᠠᠯᠲᠠᠨ ᠰᠢᠷᠭᠠᠯ ᠪᠣᠯᠤᠨ ᠬᠤᠪᠢᠷᠠᠭᠠᠳ ᠡᠩᠬᠦᠷᠡᠢ ᠬᠠᠢᠷᠠᠲᠤ ᠡᠬᠡ ᠤᠯᠤᠰ ᠤ᠋ᠨ ᠮᠢᠨᠢ ᠰᠢᠵᠢᠷ ᠠᠯᠲᠠᠨ ᠴᠠᠭ ᠦᠶ᠎ᠡ ᠶ᠋ᠢ ᠰᠠᠨᠠᠭᠳᠠᠭᠤᠯᠤᠨ᠎ᠠ ᠃ ᠡᠪᠦᠯ ᠂ ᠪᠠᠢᠭᠠᠯᠢ ᠳᠡᠯᠡᠬᠡᠢ ᠴᠠᠰᠤ ᠮᠥᠰᠥᠨ ᠳ᠋ᠦ᠍ ᠬᠤᠴᠢᠭᠳᠠᠵᠤ ᠮᠥᠩᠭᠥᠨ ᠴᠠᠭᠠᠨ ᠠᠭᠤᠷ ᠴᠠᠩ ᠪᠠᠭᠠᠭᠢᠬᠤᠶᠠ ᠴᠥᠬᠥᠷᠡᠮ ᠦ᠋ᠨ ᠤᠰᠤᠨ ᠤ᠋ ᠥᠩᠭᠡ ᠴᠦ᠍ ᠡᠬᠡ ᠶ᠋ᠢᠨ ᠴᠠᠭᠠᠨ ᠰᠦ᠍ ᠶ᠋ᠢ ᠬᠠᠰ ᠤ᠋ᠨ ᠠᠶᠠᠭᠠᠨ ᠳ᠋ᠤ᠌ ᠪᠢᠯᠬᠠᠭᠤᠯᠤᠭᠰᠠᠨ ᠶᠤᠮ ᠰᠢᠭ᠋ ᠠᠷᠢᠭᠤᠨ ᠴᠠᠭᠠᠨ ᠪᠣᠯᠤᠨ ᠬᠤᠪᠢᠷᠠᠭᠠᠳ ᠮᠠᠯᠴᠢᠳ ᠢ᠋ ᠰᠢᠨ᠎ᠡ ᠠᠮᠵᠢᠯᠲᠠ ᠳ᠋ᠤ᠌ ᠵᠥᠩᠨᠡᠨ ᠪᠡᠯᠭᠡᠯᠡᠨ᠎ᠡ ᠃ ᠤᠰᠤᠨ ᠴᠥᠬᠥᠷᠡᠮ ᠂ ᠰᠢᠨ᠎ᠡ ᠠᠮᠢᠳᠤᠷᠠᠯ ᠢ᠋ ᠳᠤᠰᠬᠠᠭᠰᠠᠨ ᠰᠢᠯ ᠪᠣᠯᠣᠷ ᠤ᠋ᠨ ᠲᠣᠯᠢ ᠃ 1963.2
