ᠪᠥᠮᠪᠦᠷᠴᠡᠭ ᠦᠨ ᠬᠡᠦᠬᠡᠳ- ᠤᠶᠤᠨᠪᠢᠯᠢᠭ᠌Бөмбөрцгийн хүүхэд-оюунбилэг ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠥᠮᠪᠦᠷᠴᠡᠭ ᠦᠨ ᠬᠡᠦᠬᠡᠳ- ᠤᠶᠤᠨᠪᠢᠯᠢᠭ᠌Бөмбөрцгийн хүүхэд-оюунбилэг

ᠪᠥᠮᠪᠦᠷᠴᠡᠭ ᠦᠨ ᠬᠡᠦᠬᠡᠳ- ᠤᠶᠤᠨᠪᠢᠯᠢᠭ᠌Бөмбөрцгийн хүүхэд-оюунбилэг

2023-05-17

258

ᠪᠥᠮᠪᠦᠷᠴᠡᠭ ᠦᠨ ᠬᠡᠦᠬᠡᠳ

       ᠤᠶᠤᠨᠪᠢᠯᠢᠭ᠌

ᠪᠥᠮᠪᠦᠷ ᠪᠥᠮᠪᠦᠷ ᠡᠷᠭᠢᠳᠡᠭ

ᠪᠥᠮᠪᠦᠷᠴᠡᠭ ᠡᠵᠢ ᠮᠠᠨ ᠤ ᠬᠢ

ᠪᠥᠮᠪᠦᠭᠡ ᠠᠳᠠᠯᠢ ᠭᠣᠶᠤᠬᠠᠨ

ᠪᠥᠮᠪᠦᠷᠴᠡᠭ ᠡᠵᠢ ᠪᠢᠳᠡᠨ ᠦ ᠬᠢ

 

ᠪᠥᠮᠪᠦᠷᠴᠡᠭ ᠡᠵᠢ ᠶᠡᠷᠦ ᠨᠢ

ᠪᠤᠮ ᠰᠠᠶ᠎ᠠ ᠬᠡᠦᠬᠡᠳ ᠲᠠᠢ

ᠪᠥᠮᠪᠦᠷᠴᠡᠭ ᠡᠵᠢ ᠶᠡᠷᠦ ᠠᠴᠠ

ᠪᠣᠯᠪᠠᠷᠠᠢ ᠬᠡᠦᠬᠡᠳ ᠲᠤ ᠪᠠᠨ ᠬᠠᠢᠷᠠᠲᠠᠢ

 

ᠪᠣᠷᠤ᠂ ᠴᠠᠭᠠᠨ᠂ ᠬᠠᠷ᠎ᠠ ᠭᠡᠵᠦ

ᠪᠣᠳᠤᠯ᠎ ᠳᠤ ᠪᠠᠨ ᠶᠡᠷᠦ ᠢᠯᠭᠠᠳᠠᠭ ᠦᠭᠡᠢ

ᠪᠤᠶᠠᠨ ᠵᠠᠶᠠᠭᠠᠲᠠᠢ ᠬᠡᠦᠬᠡᠳ ᠢᠶᠡᠨ

ᠪᠦᠭᠦᠳᠡ ᠶᠢ ᠲᠡᠵᠢᠭᠡᠨ ᠦᠰᠭᠡᠳᠡᠭ

 

ᠪᠥᠮᠪᠦᠷᠴᠡᠭ ᠦᠨ ᠬᠡᠦᠬᠡᠳ ᠵᠢᠷᠭᠠᠯᠲᠠᠢ

ᠪᠣᠯᠪᠠᠰᠤᠨ ᠮᠤᠷᠠᠯ ᠢᠶᠠᠷ ᠬᠥᠮᠦᠵᠢᠭᠳᠡᠨ᠎ᠡ

ᠪᠥᠮᠪᠦᠷᠴᠡᠭ ᠦᠨ ᠬᠡᠦᠬᠡᠳ ᠵᠠᠶᠠᠭᠠᠲᠠᠢ

ᠪᠢᠴᠢᠭ ᠡᠷᠳᠡᠮ ᠳᠦ ᠰᠢᠮᠳᠠᠨ᠎ᠠ

 

ᠪᠥᠮᠪᠦᠷᠴᠡᠭ ᠡᠵᠢ ᠪᠡᠨ ᠪᠢᠳᠡ

ᠪᠥᠯᠬᠦᠮᠳᠡᠯ ᠨᠢᠭᠡᠳᠡᠢ ᠬᠠᠮᠠᠭᠠᠯᠠᠨ᠎ᠠ

ᠪᠥᠮᠪᠦᠷᠴᠡᠭ ᠡᠵᠢ ᠪᠡᠨ ᠪᠢᠳᠡ

ᠪᠠᠶᠠᠯᠢᠭ ᠶᠢᠷᠳᠢᠨᠴᠦ ᠪᠣᠯᠭᠠᠨ᠎ᠠ

 

ᠪᠥᠮᠪᠦᠷᠴᠡᠭ ᠦᠨ ᠬᠡᠦᠬᠡᠳ ᠨᠢᠭᠡᠳᠴᠦ

ᠪᠣᠷᠤᠩᠬᠠᠢ ᠳᠠᠢᠰᠤᠨ ᠢ ᠲᠣᠨᠢᠯᠭᠠᠨ᠎ᠠ

ᠪᠥᠮᠪᠦᠷᠴᠡᠭ ᠦᠨ ᠬᠡᠦᠬᠡᠳ ᠰᠤᠷᠤᠯᠴᠠᠵᠤ

ᠪᠣᠯᠪᠠᠰᠤᠨ ᠶᠢᠷᠳᠢᠨᠴᠦ ᠪᠡᠨ ᠪᠠᠢᠭᠤᠯᠤᠨ᠎ᠠ

 

ᠪᠥᠮᠪᠦᠷᠴᠡᠭ ᠡᠵᠢ ᠮᠠᠨ ᠤ ᠬᠢ

ᠪᠦᠬᠦ ᠳᠡᠯᠡᠭᠡᠢ ᠶᠢ ᠬᠡᠦᠬᠡᠳ ᠬᠠᠮᠠᠭᠠᠯᠠᠨ᠎ᠠ

ᠪᠥᠮᠪᠦᠷᠴᠡᠭ ᠡᠵᠢ ᠪᠢᠳᠡᠨ ᠤ ᠬᠢ

ᠪᠤᠶᠠᠨ ᠵᠠᠶᠠᠭ᠎ᠠ ᠶᠢ ᠨᠢ ᠪᠠᠲᠤᠯᠠᠨ᠎ᠠ