ᠵᠠᠩᠭᠠᠷ ᠤᠨ ᠣᠷᠣᠰᠢᠯ ᠪᠦᠯᠦᠭ ᠤᠨ ᠠᠷᠪᠠᠨ ᠲᠠᠪᠤᠳᠤᠭᠠᠷ ᠬᠡᠰᠡᠭᠯᠡᠯ-ᠬᠡᠯᠡᠮᠦᠷᠴᠢ ᠬᠡ ᠵᠢᠯᠭᠠᠨ ᠪᠠᠭᠠᠲᠤᠷЖангарын оршил бөлгийн арван тавдугаар хэсэглэл-хэлмэрч хэ жилган баатар ᠲᠤᠤᠯᠢᠰ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠠᠩᠭᠠᠷ ᠤᠨ ᠣᠷᠣᠰᠢᠯ ᠪᠦᠯᠦᠭ ᠤᠨ ᠠᠷᠪᠠᠨ ᠲᠠᠪᠤᠳᠤᠭᠠᠷ ᠬᠡᠰᠡᠭᠯᠡᠯ-ᠬᠡᠯᠡᠮᠦᠷᠴᠢ ᠬᠡ ᠵᠢᠯᠭᠠᠨ ᠪᠠᠭᠠᠲᠤᠷЖангарын оршил бөлгийн арван тавдугаар хэсэглэл-хэлмэрч хэ жилган баатар

ᠵᠠᠩᠭᠠᠷ ᠤᠨ ᠣᠷᠣᠰᠢᠯ ᠪᠦᠯᠦᠭ ᠤᠨ ᠠᠷᠪᠠᠨ ᠲᠠᠪᠤᠳᠤᠭᠠᠷ ᠬᠡᠰᠡᠭᠯᠡᠯ-ᠬᠡᠯᠡᠮᠦᠷᠴᠢ ᠬᠡ ᠵᠢᠯᠭᠠᠨ ᠪᠠᠭᠠᠲᠤᠷЖангарын оршил бөлгийн арван тавдугаар хэсэглэл-хэлмэрч хэ жилган баатар

ᠠᠩᠭᠢᠯᠠᠯ:ᠲᠤᠤᠯᠢᠰ
2023-05-16

787

ᠬᠡᠯᠡᠮᠦᠷᠴᠢ ᠬᠡ ᠵᠢᠯᠭᠠᠨ ᠪᠠᠭᠠᠲᠤᠷ

 ᠠᠯᠳᠠᠷ ᠨᠣᠶᠠᠨ ᠪᠣᠭᠳᠠ ᠵᠠᠩᠭᠠᠷ ᠤᠨ᠂

 ᠲᠠᠩᠰᠤᠭ ᠪᠤᠮᠪᠠ ᠶᠢᠨ ᠣᠷᠣᠨ ᠤ᠂

 ᠵᠠᠷᠭᠤ ᠶᠢᠨ ᠠᠯᠳᠠᠨ ᠰᠢᠷᠡᠭᠡᠨ ᠨᠣᠶᠠᠨ᠂

 ᠬᠡᠯᠡᠮᠦᠷᠴᠢ ᠬᠡ ᠵᠢᠯᠭᠠᠨ ᠢ᠂

 ᠬᠡᠯᠡᠭᠡᠳ ᠢᠷᠡᠳᠡᠭ ᠪᠣᠯᠬᠤᠯ᠎ᠠ᠂

 ᠠᠯᠳᠠᠷ ᠨᠣᠶᠠᠨ ᠪᠣᠭᠳᠠ ᠵᠠᠩᠭᠠᠷ  ᠲᠦ᠂

 ᠳᠠᠩ ᠪᠡᠶ᠎ᠡ ᠳᠡᠭᠡᠨ ᠭᠠᠨᠴᠠᠬᠠᠨ ᠴᠣᠯᠠ ᠲᠠᠢ ᠭᠡᠨ᠎ᠡ ᠯᠠ᠂

 ᠲᠠᠩᠭᠠᠷᠢ ᠪᠡᠶ᠎ᠡ ᠳᠡᠭᠡᠨ ᠶᠢᠰᠥᠨ ᠬᠡᠯᠡ ᠲᠠᠢ ᠭᠡᠨ᠎ᠡ᠂

 ᠮᠣᠩᠭᠣᠯ ᠤᠨ ᠬᠡᠯᠡ ᠢ ᠮᠣᠬᠣᠲᠠᠯ᠎ᠠ ᠬᠡᠯᠡᠳᠡᠭ ᠭᠡᠨ᠎ᠡ ᠯᠠ᠂

 ᠮᠤᠬᠢᠷ ᠲᠣᠬᠢᠷ ᠮᠣᠳᠣ ᠢ ᠭᠤᠤᠷᠳᠠᠯ᠎ᠠ ᠬᠡᠯᠡᠳᠡᠭ ᠭᠡᠨ᠎ᠡ ᠯᠠ᠂

 ᠲᠠᠩᠭᠠᠴᠢ ᠶᠢᠨ ᠬᠡᠯᠡ ᠢ ᠲᠠᠴᠢᠭᠢᠨᠠᠲᠠᠯ᠎ᠠ ᠬᠡᠯᠡᠳᠡᠭ ᠭᠡᠨ᠎ᠡ ᠯᠠ᠂

 ᠲᠠᠪᠤᠨ ᠬᠡᠯᠡᠨ ᠤ ᠠᠮᠢᠳᠠᠨ ᠢ ᠠᠯᠠᠩ ᠪᠣᠯᠲᠠᠯ᠎ᠠ ᠬᠡᠯᠡᠳᠡᠭ ᠭᠡᠨ᠎ᠡ ᠯᠠ᠂

 ᠬᠠᠮᠤᠭ ᠤᠨ ᠬᠡᠯᠡ ᠢ ᠬᠠᠪᠰᠢᠳᠠᠯ᠎ᠠ ᠬᠡᠯᠡᠳᠡᠭ ᠭᠡᠨ᠎ᠡ ᠯᠠ᠂

 ᠬᠠᠷ᠎ᠠ ᠤᠰᠤᠨ ᠳᠡᠭᠡᠷ᠎ᠡ ᠳᠥᠷᠪᠡ ᠬᠤᠷᠤᠭᠤᠨ ᠥᠷᠥᠮ᠎ᠡ ᠲᠣᠭᠲᠠᠲᠠᠯ᠎ᠠ ᠬᠡᠯᠡᠳᠡᠭ ᠭᠡᠨ᠎ᠡ ᠯᠠ᠂

 ᠲᠠᠪᠠ ᠨᠢ ᠭᠦᠢᠴᠡᠭᠡᠳ ᠬᠡᠯᠡᠬᠦᠯᠡᠷ ᠭᠡᠨ᠎ᠡ ᠯᠠ᠂

 ᠲᠠᠩᠨᠠᠢ ᠶᠢᠨ ᠲᠠᠪᠤᠨ ᠰᠤᠳᠠᠰᠤᠨ ᠲᠠᠰᠤᠷᠠᠲᠠᠯ᠎ᠠ ᠬᠡᠯᠡᠳᠡᠭ᠂

 ᠲᠠᠩᠰᠤᠭ ᠪᠤᠮᠪᠠ ᠶᠢᠨ ᠣᠷᠣᠨ ᠳᠠᠭᠠᠨ᠂

 ᠲᠠᠰᠤᠮ᠎ᠠ ᠪᠤᠯᠤᠭᠰᠠᠨ ᠬᠦᠯᠦᠭ ᠲᠠᠢ᠂

 ᠲᠠᠷᠠᠴᠢ ᠠᠯᠳᠠᠷ ᠬᠠᠭᠠᠨ ᠤ ᠬᠥᠪᠡᠭᠦᠨ᠂

 ᠲᠠᠪᠠᠳᠠᠢ ᠬᠡᠯᠡᠮᠦᠷᠴᠢ ᠬᠡ ᠵᠢᠯᠭᠠᠨ ᠪᠠᠭᠠᠲᠤᠷ᠂

ᠭᠡᠵᠦ ᠬᠡᠯᠡᠳᠡᠭ ᠰᠠᠨᠵᠠᠢ ᠭᠡᠨ᠎ᠡ ᠯᠠ᠃

 

 ᠦᠭᠡᠰ ᠤᠨ ᠲᠠᠢᠯᠪᠤᠷᠢ᠄

ᠲᠠᠩᠰᠤᠭ᠁ ᠪᠠᠶᠠᠨ ᠲᠠᠩᠰᠤᠭ᠂ ᠪᠠᠶᠠᠨ ᠡᠯᠪᠡᠭ᠂ ᠬᠡᠰᠢᠭ ᠪᠤᠶᠠᠨ ᠦᠯᠡᠮᠵᠢ᠃

ᠲᠠᠩᠭᠠᠷᠢ ᠪᠡᠶ᠎ᠡ ᠳᠡᠭᠡᠨ᠁ ᠭᠠᠭᠴᠠ ᠪᠡᠶ᠎ᠡ ᠳᠡᠭᠡᠨ᠂ ᠳᠠᠩ ᠭᠠᠭᠴᠠ ᠪᠡᠶ᠎ᠡ ᠳᠡᠭᠡᠨ᠃

ᠭᠣᠣᠷᠳᠠᠯ᠎ᠠ᠁ ᠡᠭᠴᠡᠷᠡᠲᠡᠯ᠎ᠡ᠂ ᠲᠡᠭᠰᠢᠷᠡᠲᠡᠯ᠎ᠡ᠂ ᠰᠢᠯᠤᠭᠤᠨ ᠪᠣᠯᠲᠠᠯ᠎ᠠ᠃

ᠲᠠᠴᠢᠭᠢᠨᠠᠲᠠᠯ᠎ᠠ᠁ ᠲᠣᠷᠤᠵᠤ ᠲᠡᠭᠡᠭᠯᠡᠯ ᠦᠭᠡᠢ ᠤᠷᠤᠰᠤᠮ᠎ᠠ ᠰᠠᠢᠬᠠᠨ ᠶᠠᠷᠢᠬᠤ ᠬᠡᠯᠡᠬᠦ ᠤᠩᠰᠢᠬᠤ᠃

ᠠᠯᠠᠩ ᠪᠣᠯᠲᠠᠯ᠎ᠠ᠁ ᠭᠠᠢᠬᠠᠰᠢᠷᠠᠲᠠᠯ᠎ᠠ᠂ ᠪᠢᠰᠢᠷᠡᠳᠡᠯ᠎ᠡ᠃

ᠲᠠᠰᠣᠮ᠎ᠠ ᠪᠣᠯᠤᠭᠰᠠᠨ᠁ ᠲᠠᠰᠤᠷᠬᠠᠢ ᠰᠠᠢᠨ ᠰᠠᠢᠬᠠᠨ ᠤ ᠰᠢᠨᠵᠢ ᠲᠡᠭᠦᠰ ᠪᠥᠷᠢᠳᠥᠭᠰᠡᠨ ᠢᠵᠢᠯ ᠳᠠᠰᠤᠯ

 ᠪᠣᠯᠤᠭᠰᠠᠨ᠂ ᠣᠯᠠᠨ ᠤ ᠳᠤᠮᠳᠠ ᠣᠨᠴᠣᠭᠤᠢ ᠰᠠᠢᠨ ᠰᠠᠢᠬᠠᠨ ᠢᠶᠡᠷ ᠢᠶᠡᠷ ᠴᠣᠯᠭᠤᠷᠠᠭᠰᠠᠨ᠂ ᠢᠳᠡ

ᠴᠢᠳᠠᠯ ᠢᠶᠡᠷ ᠢᠶᠡᠨ ᠲᠠᠷᠢᠭᠥᠯᠥᠭᠰᠡᠨ ᠬᠥᠯᠥᠭ᠃

ᠲᠠᠷᠠᠴᠢ᠁ ᠤᠯᠤᠰ ᠣᠷᠣᠨ ᠳᠠᠭᠠᠨ ᠨᠡᠷ᠎ᠡ ᠴᠣᠯᠠ ᠨᠢ ᠲᠠᠷᠬᠠᠨ ᠠᠯᠳᠠᠷᠰᠢᠭᠰᠠᠨ᠂ ᠬᠦᠴᠦᠨ ᠴᠢᠳᠠᠯ ᠢᠶᠡᠷ

ᠣᠯᠠᠨ ᠡᠴᠡ ᠣᠷᠣᠢᠯᠠᠭᠰᠠᠨ᠃

ᠲᠠᠪᠠᠳᠠᠢ ᠬᠡᠯᠡᠮᠦᠷᠴᠢ᠁ ᠬᠡᠯᠡ ᠶᠠᠷᠢᠶ᠎ᠠ ᠤᠷᠤᠰᠤᠮ᠎ᠠ ᠰᠠᠢᠬᠠᠨ᠂ ᠣᠯᠠᠨ ᠲᠥᠷᠥᠯ ᠤᠨ ᠬᠡᠯᠡ ᠪᠡᠷ ᠲᠣᠷᠣᠯᠳᠠ ᠦᠭᠡᠢ

 ᠰᠠᠢᠨ ᠬᠡᠯᠡᠳᠡᠭ᠂ ᠮᠡᠳᠡᠳᠡᠭ᠃

 

2023 ᠣᠨ ᠤ5 ᠰᠠᠷ᠎ᠠ ᠶᠢᠨ 3  ᠳᠦ

     ᠡᠯᠡᠰᠥᠳᠡᠢ ᠬᠣᠲᠠ ᠳᠦ ᠪᠢᠴᠢᠵᠤ ᠲᠡᠮᠳᠡᠭᠯᠡᠪᠡ᠃

          ᠳ᠂ ᠨᠠᠷᠠᠰᠤ᠃

ᠬᠡᠯᠡᠮᠦᠷᠴᠢ ᠬᠡ ᠵᠢᠯᠭᠠᠨ ᠪᠠᠭᠠᠲᠤᠷ ᠤᠨ ᠲᠠᠢᠯᠤᠮᠵᠢ