ᠵᠤᠨ ᠪᠣᠯᠳᠠᠭ ᠪᠠᠢᠬ᠎ᠠ- ᠴᠢᠩᠭᠦᠨᠵᠠᠪЗун болдог байх О.Чингүнжав
ᠵᠤᠨ ᠪᠣᠯᠳᠠᠭ ᠪᠠᠢᠬ᠎ᠠ
ᠦᠭᠡ ᠄ ᠴᠠᠨᠨᠠᠲᠤᠷᠵᠢ
ᠠᠶ᠎ᠠ ᠄ ᠫᠥᠷᠪᠦᠰᠦ᠋ᠷᠦᠩ
ᠳᠠᠭᠤᠴᠢᠨ ᠄ ᠴᠢᠩᠭᠦᠨᠵᠠᠪ
ᠠᠷᠤ ᠳᠡᠨᠵᠢ ᠶ᠋ᠢᠨ ᠵᠤᠰᠠᠯᠠᠩ ᠳ᠋ᠤ᠌ ᠨᠢ ᠠᠶ᠋ᠢᠯ ᠪᠠᠭᠤᠭ ᠭᠡᠵᠦ ᠵᠤᠨ ᠪᠣᠯᠳᠠᠭ ᠪᠠᠶ᠋ᠢᠬ᠎ᠠ
ᠠᠷᠭᠠᠯ ᠲᠡᠭᠦᠳᠡᠭ ᠬᠥᠨᠳᠡᠢ ᠳ᠋ᠦ᠍ ᠨᠢ ᠪᠣᠷᠣᠭ᠎ᠠ ᠤᠷᠤᠭ ᠭᠡᠵᠦ ᠵᠤᠨ ᠪᠣᠯᠳᠠᠭ ᠪᠠᠶ᠋ᠢᠬ᠎ᠠ
ᠠᠯᠠᠭ ᠴᠣᠬᠣᠷ ᠡᠷᠪᠡᠬᠡᠢ ᠶ᠋ᠢ ᠴᠡᠴᠡᠭᠡᠨ ᠳ᠋ᠦ᠍ ᠨᠢᠰᠦᠭ ᠭᠡᠵᠦ ᠵᠤᠨ ᠪᠣᠯᠳᠠᠭ ᠪᠠᠶ᠋ᠢᠬ᠎ᠠ
ᠠᠳᠤᠭᠤ ᠦᠦᠷᠰᠡᠬᠦ ᠬᠥᠨᠳᠡᠢ ᠳ᠋ᠦ᠍ ᠨᠢ ᠠᠶ᠋ᠢᠷᠠᠭ ᠢᠰᠦᠭ ᠭᠡᠵᠦ ᠵᠤᠨ ᠪᠣᠯᠳᠠᠭ ᠪᠠᠶ᠋ᠢᠬ᠎ᠠ
ᠢᠩᠭᠡ ᠪᠣᠶ᠋ᠢᠯᠠᠭᠰᠠᠨ
ᠲᠤᠯᠤᠭᠠᠳ ᠢ᠋ᠶ᠋ᠠᠷ ᠡᠵᠢ ᠶ᠋ᠢ ᠠᠶᠠᠯᠠ
ᠭᠡᠵᠦ ᠵᠤᠨ ᠪᠣᠯᠳᠠᠭ ᠪᠠᠶ᠋ᠢᠬ᠎ᠠ
ᠢᠵᠢᠯᠢ ᠮᠣᠷᠢ ᠲᠠᠢ ᠠᠮᠠᠷᠠᠭ ᠦ᠋ᠳ ᠨᠠᠭᠠᠳᠤᠮ ᠳ᠋ᠤ᠌ ᠶᠠᠪᠤᠭ
ᠭᠡᠵᠦ ᠵᠤᠨ ᠪᠣᠯᠳᠠᠭ ᠪᠠᠶ᠋ᠢᠬ᠎ᠠ
ᠮᠣᠶ᠋ᠢᠯ ᠨᠢᠳᠦ ᠲᠡᠢ ᠪᠦᠰᠡᠭᠦᠢ ᠶ᠋ᠢ ᠭᠣᠣᠯ
ᠤᠷᠤᠭᠤ ᠠᠯᠬᠤᠭ ᠭᠡᠵᠦ ᠵᠤᠨ ᠪᠣᠯᠳᠠᠭ ᠪᠠᠶ᠋ᠢᠬ᠎ᠠ
ᠮᠣᠩᠭᠣᠯ ᠭᠡᠷ ᠦ᠋ᠨ ᠬᠠᠶᠠᠭ᠎ᠠ ᠪᠠᠷ ᠳᠠᠭᠠᠨ᠎ᠠ ᠦᠨᠦᠷᠲᠦᠭ ᠭᠡᠵᠦ ᠵᠤᠨ ᠪᠣᠯᠳᠠᠭ ᠪᠠᠶ᠋ᠢᠬ᠎ᠠ
ᠵᠡᠭᠡᠰᠦᠲᠦ ᠨᠠᠭᠤᠷ ᠤ᠋ᠨ ᠳᠣᠯᠢᠶᠠᠨ ᠳ᠋ᠤ᠌ ᠨᠢ
ᠠᠩᠭᠢᠷ ᠬᠥᠪᠦᠭ ᠭᠡᠵᠦ ᠵᠤᠨ ᠪᠣᠯᠳᠠᠭ ᠪᠠᠶ᠋ᠢᠬ᠎ᠠ
ᠵᠡᠭᠡᠷ᠎ᠡ ᠨᠡᠭᠦᠭᠰᠡᠨ ᠬᠥᠨᠳᠡᠢ ᠳ᠋ᠦ᠍ ᠨᠢ ᠰᠣᠯᠣᠩᠭ᠎ᠠ ᠲᠠᠲᠠᠭ ᠭᠡᠵᠦ ᠵᠤᠨ ᠪᠣᠯᠳᠠᠭ ᠪᠠᠶ᠋ᠢᠬ᠎ᠠ
ᠢᠩᠭᠡ ᠪᠣᠶ᠋ᠢᠯᠠᠭᠰᠠᠨ
ᠲᠤᠯᠤᠭᠠᠳ ᠢ᠋ᠶ᠋ᠠᠷ ᠡᠵᠢ ᠶ᠋ᠢ ᠠᠶᠠᠯᠠ
ᠭᠡᠵᠦ ᠵᠤᠨ ᠪᠣᠯᠳᠠᠭ ᠪᠠᠶ᠋ᠢᠬ᠎ᠠ
ᠢᠵᠢᠯᠢ ᠮᠣᠷᠢ ᠲᠠᠢ ᠠᠮᠠᠷᠠᠭ ᠦ᠋ᠳ ᠨᠠᠭᠠᠳᠤᠮ ᠳ᠋ᠤ᠌ ᠶᠠᠪᠤᠭ
ᠭᠡᠵᠦ ᠵᠤᠨ ᠪᠣᠯᠳᠠᠭ ᠪᠠᠶ᠋ᠢᠬ᠎ᠠ
ᠲᠣᠷᠭᠠᠨ ᠬᠡ ᠲᠡᠢ ᠬᠥᠷᠥᠰᠥᠨ ᠳ᠋ᠦ᠍ ᠨᠢ
ᠲᠣᠭᠣᠷᠤᠤ ᠴᠠᠮᠨᠠ ᠭᠡᠵᠦ ᠵᠤᠨ ᠪᠣᠯᠳᠠᠭ ᠪᠠᠶ᠋ᠢᠬ᠎ᠠ
ᠲᠤᠯᠤᠭᠠᠳ ᠰᠦᠯᠵᠢᠭᠰᠡᠨ ᠰᠠᠯᠬᠢ ᠶ᠋ᠢ ᠨᠢ ᠵᠥᠭᠡᠯᠡᠨ ᠰᠡᠪᠡᠯᠵᠡ ᠭᠡᠵᠦ ᠵᠤᠨ ᠪᠣᠯᠳᠠᠭ ᠪᠠᠶ᠋ᠢᠬ᠎ᠠ
ᠬᠦᠯᠦᠭ ᠮᠣᠷᠢᠳ ᠤ᠋ᠨ ᠬᠠᠲᠠᠷᠢᠶᠠᠨ ᠳ᠋ᠤ᠌ ᠨᠢ ᠬᠢᠩᠭᠣᠣ ᠰᠦᠯᠡᠯᠳᠦ ᠭᠡᠵᠦ ᠵᠤᠨ ᠪᠣᠯᠳᠠᠭ ᠪᠠᠶ᠋ᠢᠬ᠎ᠠ
ᠬᠥᠪᠴᠢ ᠶ᠋ᠢᠨ ᠠᠯᠠᠭ ᠮᠣᠳᠣᠨ ᠳ᠋ᠤ᠌ ᠨᠢ
ᠬᠥᠬᠥᠭᠡ ᠳᠣᠩᠭᠣᠳᠤᠭ ᠭᠡᠵᠦ ᠵᠤᠨ ᠪᠣᠯᠳᠠᠭ ᠪᠠᠶ᠋ᠢᠬ᠎ᠠ
ᠢᠩᠭᠡ ᠪᠣᠶ᠋ᠢᠯᠠᠭᠰᠠᠨ ᠲᠤᠯᠤᠭᠠᠳ ᠢ᠋ᠶ᠋ᠠᠷ ᠡᠵᠢ ᠶ᠋ᠢ ᠠᠶᠠᠯᠠ
ᠭᠡᠵᠦ ᠵᠤᠨ ᠪᠣᠯᠳᠠᠭ ᠪᠠᠶ᠋ᠢᠬ᠎ᠠ
ᠢᠵᠢᠯᠢ ᠮᠣᠷᠢ ᠲᠠᠢ ᠠᠮᠠᠷᠠᠭ ᠦ᠋ᠳ ᠨᠠᠭᠠᠳᠤᠮ ᠳ᠋ᠤ᠌ ᠶᠠᠪᠤᠭ
ᠭᠡᠵᠦ ᠵᠤᠨ ᠪᠣᠯᠳᠠᠭ ᠪᠠᠶ᠋ᠢᠬ᠎ᠠ
ᠢᠩᠭᠡ ᠪᠣᠶ᠋ᠢᠯᠠᠭᠰᠠᠨ
ᠲᠤᠯᠤᠭᠠᠳ ᠢ᠋ᠶ᠋ᠠᠷ ᠡᠵᠢ ᠶ᠋ᠢ ᠠᠶᠠᠯᠠ
ᠭᠡᠵᠦ ᠵᠤᠨ ᠪᠣᠯᠳᠠᠭ ᠪᠠᠶ᠋ᠢᠬ᠎ᠠ
ᠢᠵᠢᠯᠢ ᠮᠣᠷᠢ ᠲᠠᠢ ᠠᠮᠠᠷᠠᠭ ᠦ᠋ᠳ ᠨᠠᠭᠠᠳᠤᠮ ᠳ᠋ᠤ᠌ ᠶᠠᠪᠤᠭ
ᠭᠡᠵᠦ ᠵᠤᠨ ᠪᠣᠯᠳᠠᠭ ᠪᠠᠶ᠋ᠢᠬ᠎ᠠ
ᠨᠠᠭᠠᠳᠤᠮ ᠳ᠋ᠤ᠌ ᠶᠠᠪᠤᠭ ᠭᠡᠵᠦ ᠵᠤᠨ ᠪᠣᠯᠳᠠᠭ ᠪᠠᠶ᠋ᠢᠬ᠎ᠠ
ᠦᠰᠦᠭ ᠠᠮᠢᠯᠠᠭᠤᠯᠤᠭᠴᠢ ᠄ ᠳ · ᠤᠷᠠᠨᠲᠤᠭᠤᠰ᠂ ᠨᠡᠷᠡᠨ᠎ᠡ
